7 ᠳ᠋ᠤᠭᠠᠷ ᠰᠠᠷ᠎ᠠ ᠶᠢᠨ 2 ᠤᠨ ᠡᠳᠦᠷ᠂ ᠭᠤᠷᠪᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠰᠠᠯᠪᠤᠷᠢ ᠱᠤᠭᠤᠮ ᠤᠨ ᠠᠭᠠᠷ ᠠᠶᠠᠯᠠᠯ ᠵᠢᠴᠢ ᠰᠣᠶᠣᠯ ᠵᠢᠭᠤᠯᠴᠢᠯᠠᠯ ᠢ ᠠᠭᠤᠰᠤᠯᠴᠠᠭᠤᠯᠤᠨ ᠬᠥᠭᠵᠢᠭᠦᠯᠬᠦ ᠶᠡᠭᠡ ᠬᠤᠷᠠᠯ ᠢ ᠬᠢᠩᠭᠠᠨ ᠠᠶᠢᠮᠠᠭ ᠲᠤ ᠬᠤᠷᠠᠯᠳᠤᠭᠤᠯᠪᠠ᠃
ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠶᠠᠩ ᠶᠢᠨ ᠬᠤᠷᠠᠯ ᠳᠤ ᠣᠷᠣᠯᠴᠠᠵᠤ ᠪᠠᠶᠠᠷ ᠤᠨ ᠦᠭᠡ ᠬᠡᠯᠡᠵᠡᠶ᠃
ᠬᠤᠷᠠᠯ ᠳᠤ ᠣᠷᠣᠯᠴᠠᠭᠰᠠᠨ ᠬᠦᠨᠳᠦᠲᠦ ᠵᠣᠴᠢᠳ ︽ᠭᠤᠣᠯ ᠪᠠ ᠰᠠᠯᠪᠤᠷᠢ ᠱᠤᠭᠤᠮ ᠤᠨ ᠨᠡᠪᠲᠡᠷᠡᠯ᠂ ᠪᠦᠬᠦ ᠲᠣᠣᠷ ᠤᠨ ᠬᠤᠯᠪᠣᠯᠳᠣᠯ︾ ᠢ ᠠᠬᠢᠭᠤᠯᠬᠤ ᠲᠣᠭᠤᠷᠢᠨ ᠳᠤ ᠳᠤᠮᠳᠠᠳᠤ ᠤᠯᠤᠰ ᠤᠨ ᠠᠷᠠᠳ ᠤᠨ ᠠᠭᠠᠷ ᠠᠶᠠᠯᠠᠯ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠲᠤᠰᠬᠠᠢ ᠰᠡᠳᠦᠪᠲᠦ ᠶᠠᠷᠢᠶ᠎ᠠ ᠢᠯᠡᠳᠬᠡᠯ ᠬᠢᠵᠦ᠂ ᠲᠣᠭᠤᠷᠢᠭ ᠰᠢᠷᠡᠭᠡᠨ ᠳᠤ ᠶᠠᠷᠢᠯᠴᠠᠵᠤ᠂ ᠰᠠᠯᠪᠤᠷᠢ ᠱᠤᠭᠤᠮ ᠤᠨ ᠠᠭᠠᠷ ᠠᠶᠠᠯᠠᠯ ᠤᠨ ᠬᠥᠭᠵᠢᠯᠲᠡ᠂ ᠠᠭᠠᠷ ᠠᠶᠠᠯᠠᠯ ᠵᠢᠭᠤᠯᠴᠢᠯᠠᠯ ᠤᠨ ᠠᠭᠤᠰᠤᠯᠴᠠᠯ ᠢ ᠭᠦᠨᠵᠡᠭᠡᠶᠢᠷᠡᠭᠦᠯᠬᠦ ᠳᠤ ᠰᠡᠳᠭᠢᠮᠵᠢ ᠪᠠᠨ ᠥᠷᠭᠡᠳᠬᠡᠪᠡ᠃
ᠶᠠᠩ ᠶᠢᠨ᠂ ᠥᠪᠥᠷ ᠮᠣᠩᠭᠤᠯ ᠠᠷᠠᠳ ᠤᠨ ᠠᠭᠠᠷ ᠠᠶᠠᠯᠠᠯ ᠤᠨ ᠬᠥᠭᠵᠢᠯᠲᠡ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ︽ᠰᠠᠯᠪᠤᠷᠢ ᠱᠤᠭᠤᠮ ᠤᠨ ᠨᠡᠪᠲᠡᠷᠡᠯ︾ ᠤᠨ ᠲᠣᠣᠷ ᠢ ᠲᠠᠰᠤᠷᠠᠯᠲᠠ ᠥᠬᠡᠶ ᠲᠡᠭᠦᠯᠳᠡᠷᠵᠢᠭᠦᠯᠦᠨ᠂ ︽ᠳᠠᠭᠤᠷᠢᠶᠠᠮᠠᠯ ᠠᠭᠠᠷ ᠠᠶᠠᠯᠠᠯ︾ ᠤᠨ ᠰᠢᠨ᠎ᠡ ᠶᠢ ᠡᠭᠦᠳᠴᠦ᠂ ︽ᠰᠠᠯᠪᠤᠷᠢ ᠱᠤᠭᠤᠮ ᠲᠦᠷᠭᠡᠨ ᠱᠤᠭᠤᠮ︾ ᠢ ᠨᠢᠭᠲᠠᠷᠠᠭᠤᠯᠵᠤ᠂ ︽ᠭᠤᠣᠯ ᠪᠠ ᠰᠠᠯᠪᠤᠷᠢ ᠱᠤᠭᠤᠮ ᠬᠤᠯᠪᠣᠭᠠᠯᠠᠨ ᠬᠥᠳᠡᠯᠦᠯᠴᠡᠬᠦ︾ ᠶᠢ ᠴᠢᠩᠭᠠᠳᠬᠠᠨ᠎ᠠ᠃ ᠨᠡᠶᠢᠳᠡᠮ ᠬᠡᠷᠡᠭᠯᠡᠭᠡᠨ ᠤ ᠠᠭᠠᠷ ᠠᠶᠠᠯᠠᠯ᠂ ᠳᠣᠣᠷ᠎ᠠ ᠠᠭᠠᠷ ᠤᠨ ᠠᠵᠤ ᠠᠬᠤᠶ ᠶᠢ ᠰᠢᠨ᠎ᠡ ᠪᠠᠷ ᠪᠣᠢ ᠪᠣᠯᠣᠭᠰᠠᠨ ᠠᠵᠤ ᠦᠢᠯᠡᠰ ᠪᠣᠯᠭᠠᠨ ᠲᠥᠯᠥᠪᠵᠢᠭᠦᠯᠦᠨ ᠪᠠᠶᠢᠷᠢᠯᠠᠭᠤᠯᠬᠤ ᠶᠢ ᠪᠠᠷᠢᠮᠲᠠᠯᠠᠵᠤ᠂ ᠠᠭᠠᠷ ᠠᠶᠠᠯᠠᠯ ᠤᠨ ᠵᠢᠭᠤᠯᠴᠢᠯᠠᠯ ᠢ ᠠᠭᠤᠰᠤᠯᠴᠠᠭᠤᠯᠤᠨ ᠬᠥᠭᠵᠢᠭᠦᠯᠬᠦ ᠶᠢ ᠦᠷᠭᠦᠯᠵᠢᠯᠡᠨ ᠠᠬᠢᠭᠤᠯᠵᠤ᠂ ᠠᠭᠠᠷ ᠠᠶᠠᠯᠠᠯ ᠤᠨ ᠬᠦᠷᠢᠶᠡᠨ ᠳᠠᠬᠢ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠲᠦᠷᠭᠡᠪᠴᠢᠯᠡᠨ ᠪᠣᠶᠢᠵᠢᠭᠤᠯᠣᠨ᠎ᠠ ᠭᠡᠵᠦ ᠵᠢᠭᠠᠵᠤ ᠭᠠᠷᠭᠠᠪᠠ᠃