ᠨᠣᠭᠤᠭᠠᠨ ᠪᠤᠷᠳᠤᠭ᠎ᠠ ᠪᠠᠷ ᠦᠬᠡᠷ ᠢ ᠲᠡᠵᠢᠭᠡᠬᠦ ᠳᠤ ᠭᠤᠷᠪᠠ ᠶᠢ ᠠᠩᠬᠠᠷᠬᠤ
ᠨᠡᠶᠢᠲᠡᠯᠡᠭᠰᠡᠨ ᠴᠠᠭ᠄
2018/12/7

       ᠵᠤᠨ ᠤ ᠤᠯᠠᠷᠢᠯ ᠳᠤ᠂ ᠨᠤᠭᠤᠭᠠᠨ ᠲᠡᠵᠢᠭᠡᠯ ᠡᠪᠡᠰᠦᠨ ᠤ ᠤᠷᠭᠤᠴᠠ ᠰᠠᠶᠢᠨ᠂ ᠲᠦᠷᠦᠯ ᠵᠦᠢᠯ ᠨᠢ ᠤᠯᠠᠨ᠂ ᠦᠩᠭᠡ ᠨᠢ ᠨᠤᠭᠤᠭᠠᠨ᠂ ᠰᠢᠨ᠎ᠡ ᠰᠤᠷᠭᠤᠭ ᠰᠢᠭᠦᠰᠦᠯᠢᠭ᠂ ᠰᠢᠩᠭᠡᠭᠡᠬᠦ ᠳᠤ ᠠᠮᠠᠷ ᠮᠦᠷᠳᠡᠭᠡᠨ ᠤᠭᠤᠷᠠᠭ᠂ ᠰᠢᠪᠲᠦᠷᠲᠦ ᠬᠦᠴᠢᠯ᠂ ᠸᠢᠲ᠋ᠠᠮᠢᠨ ᠪᠠ ᠡᠷᠦᠳᠡᠰᠦ ᠪᠤᠳᠠᠰ ᠡᠯᠪᠡᠭ ᠠᠭᠤᠯᠵᠤ ᠪᠤᠢ ᠲᠤᠯᠠ ᠢᠳᠡᠰᠢᠨ ᠦᠬᠡᠷ ᠢ ᠪᠤᠷᠳᠤᠬᠤ ᠰᠢᠯᠢᠳᠡᠭ ᠪᠤᠷᠳᠤᠭ᠎ᠠ ᠪᠤᠯᠤᠨ᠎ᠠ᠃ ᠨᠤᠭᠤᠭᠠᠨ ᠪᠤᠷᠳᠤᠭ᠎ᠠ ᠨᠢ ᠬᠡᠳᠦ᠋ᠢᠪᠡᠷ ᠰᠠᠶᠢᠨ ᠪᠤᠯᠪᠠᠴᠦ ᠦᠬᠡᠷ ᠢ ᠲᠡᠵᠢᠭᠡᠬᠦ ᠶᠠᠪᠤᠴᠠ ᠳᠤ ᠬᠡᠷᠪᠡ ᠠᠰᠢᠭᠯᠠᠭᠰᠠᠨ ᠨᠢ ᠵᠤᠬᠢᠰ ᠦᠭᠡᠢ ᠪᠣᠯ ᠪᠠᠰᠠ ᠠᠮᠠᠷᠬᠠᠨ ᠠᠰᠠᠭᠤᠳᠠᠯ ᠢᠯᠡᠷᠡᠵᠦ ᠮᠡᠳᠡᠨ᠎ᠡ᠃ ᠲᠤᠤᠷ᠎ᠠ ᠨᠤᠭᠤᠭᠠᠨ ᠪᠤᠷᠳᠤᠭ᠎ᠠ ᠪᠠᠷ ᠦᠬᠡᠷ ᠢ ᠲᠡᠵᠢᠭᠡᠬᠦ ᠳᠤ ᠠᠩᠬᠠᠷᠬᠤ ᠴᠢᠬᠤᠯᠠᠲᠠᠢ ᠭᠤᠷᠪᠠᠨ ᠠᠰᠠᠭᠤᠳᠠᠯ ᠠᠴᠠ ᠲᠠᠨᠢᠯᠴᠠᠭᠤᠯᠤᠶ᠎ᠠ᠄
       ᠨᠢᠭᠡ᠂ ᠵᠦᠪᠬᠡᠨ ᠨᠤᠭᠤᠭᠠᠨ ᠪᠤᠷᠳᠤᠭ᠎ᠠ ᠪᠠᠷ ᠲᠡᠵᠢᠭᠡᠵᠦ ᠪᠤᠯᠬᠤ ᠦᠭᠡᠢ᠃ ᠨᠤᠭᠤᠭᠠᠨ ᠪᠤᠷᠳᠤᠭ᠎ᠠ ᠨᠢ ᠢᠳᠡᠰᠢᠨ ᠦᠬᠡᠷ ᠢ ᠪᠤᠷᠳᠤᠬᠤ ᠳᠤ ᠲᠤᠳᠠᠭᠳᠠᠵᠤ ᠪᠤᠯᠤᠰᠢ ᠦᠭᠡᠢ ᠰᠢᠯᠢᠳᠡᠭ ᠪᠤᠷᠳᠤᠭ᠎ᠠ ᠪᠤᠯᠤᠨ᠎ᠠ᠂ ᠬᠡᠪᠡᠴᠦ ᠲᠡᠭᠦᠨ ᠳᠤ ᠤᠰᠤᠨ ᠤ ᠠᠭᠤᠯᠤᠭᠳᠠᠴᠠ ᠠᠷᠪᠢᠨ᠂ ᠬᠠᠭᠤᠷᠠᠢ ᠪᠤᠳᠠᠰ ᠪᠠᠭ᠎ᠠ ᠲᠤᠯᠠ ᠵᠦᠪᠬᠡᠨ ᠨᠤᠭᠤᠭᠠᠨ ᠪᠤᠷᠳᠤᠭ᠎ᠠ ᠪᠠᠷ ᠢᠳᠡᠰᠢᠨ ᠦᠬᠡᠷ ︵ᠤᠨᠴᠠᠭᠠᠶᠢᠯᠠᠨ ᠪᠤᠷᠳᠤᠬᠤ ᠰᠡᠭᠦᠯᠴᠢ ᠶᠢᠨ ᠬᠤᠭᠤᠴᠠᠭᠠᠨ ᠤ ᠢᠳᠡᠰᠢᠨ ᠦᠬᠡᠷ︶ ᠢ ᠲᠡᠵᠢᠭᠡᠪᠡᠯ᠂ ᠦᠬᠡᠷ ᠨᠢ ᠬᠡᠳᠦ᠋ᠢᠪᠡᠷ ᠢᠳᠡᠵᠦ ᠴᠡᠳᠬᠤ ᠪᠤᠯᠪᠠᠴᠦ ᠲᠡᠭᠦᠨ ᠤ ᠰᠢᠩᠭᠡᠭᠡᠭᠰᠡᠨ ᠬᠠᠭᠤᠷᠠᠢ ᠪᠤᠳᠠᠰ ᠤᠨ ᠡᠨᠧᠷᠬᠢ ᠨᠢ ᠲᠠᠷᠭᠤᠯᠠᠬᠤ ᠪᠠ ᠦᠭᠡᠬᠦᠯᠡᠬᠦ ᠬᠡᠷᠡᠭᠴᠡᠭᠡ ᠶᠢ ᠬᠠᠩᠭᠠᠵᠤ ᠲᠡᠶᠢᠯᠬᠦ ᠦᠬᠡᠢ ᠶᠤᠮ᠃ ᠡᠶᠢᠮᠤ ᠠᠴᠠ᠂ ᠨᠤᠭᠤᠭᠠᠨ ᠪᠣᠷᠳᠤᠭ᠎ᠠ ᠪᠠᠷ ᠢᠳᠡᠰᠢᠨ ᠦᠬᠡᠷ ᠢ ᠪᠤᠷᠳᠤᠬᠤ ᠦᠶᠡᠰ᠂ ᠡᠷᠬᠡᠪᠰᠢ ᠵᠤᠬᠢᠬᠤ ᠬᠡᠮᠵᠢᠶᠡᠨ ᠤ ᠬᠥᠬᠡ ᠬᠠᠭᠤᠷᠠᠢ ᠡᠪᠡᠰᠦ᠂ ᠠᠮᠤ ᠪᠤᠳᠠᠭᠠᠨ ᠤ ᠪᠤᠷᠳᠤᠭ᠎ᠠ ︵ᠡᠷᠳᠡᠨᠢ ᠰᠢᠰᠢ᠂ ᠰᠢᠰᠢ ᠵᠡᠷᠭᠡ︶ ᠪᠠ ᠤᠭᠤᠷᠠᠭᠲᠤ ᠪᠤᠷᠳᠤᠭ᠎ᠠ ︵ᠳ᠋ᠸᠤᠪᠢᠩ᠂ ᠯᠤᠬᠠᠱᠧᠩ ᠤᠨ ᠪᠤᠤᠪᠤ ᠵᠡᠷᠭᠡ︶ ᠶᠢ ᠬᠤᠯᠢᠵᠦ ᠲᠠᠵᠢᠭᠡᠪᠡᠯ ᠪᠤᠷᠳᠤᠬᠤ ᠦᠷ᠎ᠡ ᠳ᠋ᠦᠩ ᠨᠢ ᠰᠠᠶ᠋ᠢ ᠢᠯᠡᠷᠬᠡᠢ ᠳᠡᠭᠡᠭᠰᠢᠯᠡᠵᠤ ᠴᠢᠳᠠᠨ᠎ᠠ᠃
       ᠬᠤᠶᠠᠷ᠂ ᠲᠡᠳ᠋ ᠠᠽᠤᠲ ᠬᠦᠴᠢᠯ ᠤᠨ ᠲᠠᠪᠤᠰᠦ ᠪᠠ ᠤᠰᠤᠳᠦ᠋ᠷᠦᠭᠴᠢ ᠼᠢᠶᠠᠨ ᠬᠦᠴᠢᠯ ᠳᠤ ᠬᠤᠤᠷᠳᠠᠭᠳᠠᠬᠤ ᠶᠢ ᠠᠩᠬᠠᠷᠬᠤ᠃ ᠨᠤᠭᠤᠭᠠᠨ ᠰᠢᠭᠦᠰᠦᠯᠢᠭ ᠪᠤᠷᠳᠤᠭ᠎ᠠ ᠪᠠᠷ ᠢᠳᠡᠰᠢᠨ ᠦᠬᠡᠷ ᠢ ᠲᠡᠵᠢᠭᠡᠬᠦ ᠦᠶᠡᠰ᠂ ᠨᠢᠭᠡ ᠳᠤ᠂ ᠤᠷᠲᠦ ᠴᠠᠭ ᠤᠪᠤᠭᠠᠯᠠᠵᠦ ᠲᠠᠯᠪᠢᠭᠰᠠᠨ ᠨᠠᠪᠴᠢᠲᠤ ᠨᠤᠭᠤᠭ᠎ᠠ ᠶᠢᠨ ᠪᠤᠷᠳᠤᠭ᠎ᠠ ︵ᠯᠤᠤᠪᠠᠩ ᠤᠨ ᠨᠠᠪᠴᠢ᠂ ᠴᠠᠭᠠᠨ ᠨᠤᠭᠤᠭᠠᠨ ᠤ ᠨᠠᠪᠴᠢ ᠵᠡᠷᠭᠡ︶ ᠪᠠᠷ ᠲᠡᠵᠢᠭᠡᠬᠦ ᠦᠭᠡᠢ᠂ ᠤᠴᠢᠷ ᠨᠢ ᠲᠡᠳᠡᠭᠡᠷ ᠨᠤᠭᠤᠭ᠎ᠠ ᠳᠤ ᠠᠽᠤᠲ ᠬᠦᠴᠢᠯ ᠤᠨ ᠲᠠᠪᠤᠰᠦ ᠠᠭᠤᠯᠵᠦ᠂ ᠢᠯᠵᠠᠷᠠᠮᠠᠯ ᠪᠠᠺᠲ᠋ᠧᠷᠢ ᠨᠢ ᠠᠽᠤᠲ ᠬᠦᠴᠢᠯ ᠤᠨ ᠲᠠᠪᠤᠰᠦ ᠶᠢ ᠲᠡᠳ᠋ ᠠᠽᠤᠲ ᠬᠦᠴᠢᠯ ᠤᠨ ᠲᠠᠪᠤᠰᠦ ᠪᠣᠯᠭᠠᠨ ᠠᠩᠬᠢᠵᠢᠷᠠᠭᠤᠯᠵᠦ᠂ ᠦᠬᠡᠷ ᠢᠳᠡᠰᠢᠯᠡᠪᠡᠯ ᠬᠤᠤᠷᠳᠠᠭᠳᠠᠬᠤ ᠪᠤᠯᠤᠨ᠎ᠠ︔ ᠬᠤᠶᠠᠷ ᠲᠤ᠂ ᠡᠷᠳᠡᠨᠢ ᠰᠢᠰᠢ ᠶᠢᠨ ᠴᠢᠬᠢ᠂ ᠰᠢᠰᠢ ᠶᠢᠨ ᠴᠢᠬᠢ᠂ ᠶᠠᠮᠠ ᠤᠯᠤᠰᠤ ᠶᠢᠨ ᠨᠠᠪᠴᠢ ᠵᠡᠷᠭᠡ ᠪᠠᠷ ᠲᠡᠵᠢᠭᠡᠵᠦ ᠪᠣᠯᠬᠤ ᠦᠭᠡᠢ᠂ ᠤᠴᠢᠷ ᠨᠢ ᠡᠳᠡᠭᠡᠷ ᠲᠤ ᠼᠢᠶᠠᠨ ᠰᠢᠬᠢᠷᠵᠢᠮᠡᠭ ᠠᠭᠤᠯᠵᠦ᠂ ᠦᠬᠡᠷ ᠢᠳᠡᠭᠰᠡᠨ ᠤ ᠰᠡᠭᠦᠯᠡᠷ ᠭᠦᠵᠡᠭᠡᠨ ᠳᠤ ᠤᠰᠤᠳᠦ᠋ᠷᠦᠭᠴᠢ ᠼᠢᠶᠠᠨ ᠬᠦᠴᠢᠯ ᠡᠭᠦᠰᠦᠭᠡᠳ ᠬᠤᠤᠷᠳᠠᠭᠳᠠᠬᠤ ᠪᠣᠯᠣᠨ᠎ᠠ᠃
       ᠭᠤᠷᠪᠠ᠂ ᠨᠢᠷᠠᠢ ᠪᠤᠷᠴᠠᠭ ᠤᠨ ᠢᠵᠠᠭᠤᠷ ᠤᠨ ᠪᠡᠯᠴᠢᠭᠡᠷ ᠡᠪᠡᠰᠦ ᠪᠠᠷ ᠠᠷᠪᠢᠨ ᠲᠡᠵᠢᠭᠡᠬᠦ ᠦᠭᠡᠢ᠃ ᠪᠤᠷᠴᠠᠭ ᠤᠨ ᠢᠵᠠᠭᠤᠷ ᠤᠨ ᠡᠪᠡᠰᠦᠨ ᠤ ᠤᠭᠤᠷᠠᠭ ᠤᠨ ᠴᠢᠨᠠᠷ ᠨᠢ ᠰᠠᠶᠢᠨ᠂ ᠸᠢᠲ᠋ᠠᠮᠢᠨ ᠪᠠ ᠪᠢᠴᠢᠯ ᠡᠯᠧᠮᠧᠨ᠋ᠲ ᠡᠯᠪᠡᠭ ᠠᠭᠤᠯᠵᠦ᠂ ᠢᠳᠡᠭᠦᠰᠢ ᠴᠢᠨᠠᠷ ᠨᠢ ᠰᠠᠶᠢᠨ ᠪᠠᠶᠢᠳᠠᠭ᠂ ᠬᠡᠪᠡᠴᠦ ᠰᠠᠪᠤᠩᠯᠢᠭ ᠡᠳ᠋ ᠠᠭᠤᠯᠵᠦ ᠪᠠᠶᠢᠬᠤ ᠲᠤᠯᠠ ᠦᠬᠡᠷ ᠬᠡᠲᠦᠷᠡᠲᠡᠯ᠎ᠡ ᠢᠳᠡᠰᠢᠯᠡᠪᠡᠯ᠂ ᠭᠦᠵᠡᠭᠡᠨ ᠳᠤᠨᠢ ᠶᠡᠭᠡ ᠬᠡᠮᠵᠢᠶᠡᠨ ᠤ ᠬᠦᠭᠡᠰᠦ ᠭᠠᠷᠴᠤ᠂ ᠦᠬᠡᠷ ᠨᠢ ᠠᠮᠠᠷᠬᠠᠨ ᠭᠦᠵᠡᠭᠡ ᠬᠥᠭᠡᠭᠡᠬᠦ ᠭᠡᠮ ᠳᠤ ᠨᠡᠷᠪᠡᠭᠳᠡᠬᠦ ᠪᠤᠯᠣᠨ᠎ᠠ᠃
       ᠬᠤᠨᠢᠨ ᠤ ᠬᠤᠤᠷᠳᠠᠭᠳᠠᠬᠤ ᠠᠴᠠ ᠰᠡᠷᠭᠡᠶᠢᠯᠡᠬᠦ
       ᠬᠤᠨᠢ ᠨᠢ ᠪᠦᠳᠦᠭᠦᠯᠢᠭ ᠪᠤᠷᠳᠤᠭ᠎ᠠ ᠶᠢ ᠭᠤᠤᠯᠳᠠᠭᠤ ᠭᠦᠵᠡᠭᠡ ᠪᠠᠷ ᠳᠠᠮᠵᠢᠨ ᠰᠢᠩᠭᠡᠭᠡᠵᠦ᠂ ᠬᠤᠨᠢ ᠶᠢᠨ ᠲᠤᠰ ᠪᠠᠶ᠎ᠡ ᠠᠴᠠ ᠪᠦᠳᠦᠭᠦᠯᠢᠭ ᠰᠢᠷᠭᠡᠭᠯᠢᠭ ᠤᠰᠤᠵᠢᠠ ᠵᠠᠳᠠᠷᠠᠬᠤ ᠢᠰᠭᠡᠭᠦᠷ ᠡᠭᠦᠰᠭᠦ ᠦᠭᠡᠢ ᠶᠤᠮ᠂ ᠭᠡᠪᠡᠴᠦ ᠮᠢᠺᠷᠣᠪ ᠨᠢ ᠡᠶᠢᠮᠦᠷᠬᠦ ᠢᠰᠭᠡᠭᠦᠷ ᠢ ᠡᠭᠦᠰᠬᠡᠵᠦ᠂ ᠳᠡᠵᠢᠭᠡᠯ ᠪᠤᠷᠳᠤᠭ᠎ᠠ ᠳᠠᠬᠢ ᠪᠦᠳᠦᠭᠦᠯᠢᠭ ᠰᠢᠷᠭᠡᠭᠯᠢᠭ ᠢ ᠠᠮᠠᠷᠬᠠᠨ ᠰᠢᠩᠭᠡᠭᠡᠵᠦ ᠳᠡᠶᠢᠯᠬᠦ ᠨᠡᠭᠦᠷᠡᠰᠦ ᠤᠰᠤᠨ ᠤ ᠨᠢᠭᠡᠳᠪᠦᠷᠢ ᠪᠤᠯᠭᠠᠵᠤ ᠵᠠᠳᠠᠷᠠᠭᠤᠯᠳᠠᠭ᠃ ᠮᠢᠺᠷᠣᠪ ᠨᠢ ᠭᠦᠵᠡᠭᠡ ᠶᠢᠨ ᠤᠷᠴᠢᠨ ᠤ ᠨᠥᠬᠦᠴᠡᠯ ᠪᠤᠯᠤᠨ ᠭᠦᠵᠡᠭᠡᠨ ᠤ ᠰᠢᠮ᠎ᠡ ᠲᠡᠵᠢᠭᠡᠯ ᠳᠤᠤᠷ᠎ᠠ ᠶᠡᠭᠡᠪᠡᠷ ᠦᠷᠡᠵᠢᠵᠦ᠂ ᠶᠡᠭᠡ ᠬᠡᠮᠵᠢᠶᠡᠨ ᠤ ᠪᠠᠺᠲ᠋ᠧᠷᠢ ᠶᠢᠨ ᠤᠭᠤᠷᠠᠭ ᠪᠤᠯᠵᠦ ᠪᠦᠷᠢᠯᠳᠦᠭᠡᠳ᠂ ᠭᠦᠵᠡᠭᠡᠨ ᠳᠠᠬᠢ ᠪᠣᠳᠠᠰ ᠤᠨ ᠳᠤᠷᠤᠭᠰᠢ ᠰᠢᠯᠵᠢᠬᠦ ᠪᠠ ᠮᠢᠺᠷᠣᠪ ᠤᠨ ᠥᠬᠦᠵᠦ ᠵᠠᠳᠠᠷᠠᠬᠤ ᠶᠢ ᠳᠠᠭᠠᠯᠳᠤᠨ᠂ ᠬᠤᠨᠢᠨ ᠤ ᠨᠠᠷᠢᠨ ᠭᠡᠳᠡᠰᠤᠨ ᠳᠤ ᠰᠢᠩᠭᠡᠭᠡᠵᠦ ᠠᠰᠢᠭᠯᠠᠭᠳᠠᠬᠤ ᠶᠢᠨ ᠤᠯᠠᠮ ᠠᠴᠠ ᠶᠡᠭᠡ ᠭᠡᠮᠵᠢᠶᠠᠨ ᠤ ᠤᠭᠤᠷᠠᠭ ᠤᠨ ᠲᠡᠵᠢᠭᠡᠯ ᠪᠤᠳᠠᠰ ᠢ ᠣᠯᠬᠤ ᠪᠣᠯᠣᠨ᠎ᠠ᠃ ᠡᠶᠢᠮᠦ ᠠᠴᠠ᠂ ᠭᠦᠵᠡᠭᠡ ᠨᠢ ᠮᠢᠺᠷᠣᠪ ᠲᠤ ᠨᠡᠯᠢᠶᠡᠳ ᠰᠠᠶᠢᠨ ᠠᠮᠢᠳᠤᠷᠠᠬᠤ ᠤᠷᠴᠢᠨ ᠢ ᠡᠭᠦᠳᠴᠦ᠂ ᠮᠢᠺᠷᠣᠪ ᠪᠣᠯᠣᠨ ᠬᠤᠨᠢ ᠨᠢ ︽ᠬᠠᠮᠳᠤ ᠠᠮᠢᠳᠤᠷᠠᠬᠤ ᠬᠠᠷᠢᠴᠠᠭ᠎ᠠ︾ ᠲᠠᠢ ᠪᠤᠯᠤᠭᠰᠠᠨ ᠪᠠᠶᠢᠨ᠎ᠠ᠃ ᠲᠡᠵᠢᠭᠡᠨ ᠦᠷᠡᠵᠢᠭᠦᠯᠬᠦ ᠡᠷᠦᠭᠡ ᠨᠢ ᠲᠡᠵᠢᠭᠡᠨ ᠦᠷᠡᠵᠢᠭᠦᠯᠬᠦ ᠶᠠᠪᠤᠴᠠ ᠳᠤ ᠲᠡᠵᠢᠭᠡᠭᠰᠡᠨ ᠨᠢ ᠵᠤᠭᠢᠰ ᠦᠭᠡᠢ ᠠᠴᠠ ᠪᠣᠯᠵᠤ ᠬᠤᠣᠷᠳᠠᠭᠳᠠᠬᠤ ᠠᠴᠠ ᠰᠡᠷᠭᠡᠶᠢᠯᠡᠪᠡᠯ ᠵᠤᠬᠢᠨ᠎ᠠ᠃
       ᠠᠮᠤ ᠪᠤᠳᠠᠭᠠᠨ ᠤ ᠪᠣᠷᠳᠤᠭ᠎ᠠ ᠶᠢ ᠬᠡᠲᠦᠷᠡᠲᠡᠯ᠎ᠡ ᠢᠳᠡᠰᠢᠯᠡᠭᠰᠡᠨ ᠠᠴᠠ ᠪᠤᠯᠵᠦ ᠬᠤᠤᠷᠳᠠᠭᠳᠠᠬᠤ᠄ ᠡᠭᠦᠨ ᠳᠤ 20~30 ᠭᠷᠡᠮ ᠨᠡᠭᠦᠷᠡᠰᠦ ᠬᠦᠴᠢᠯ ᠤᠨ ᠤᠰᠤᠳᠦ᠋ᠷᠦᠭᠴᠢᠳᠦ ᠠᠮᠮᠤᠨᠢ᠂ 10 ᠮᠢᠯᠢᠯᠢᠲᠷ ᠰᠫᠢᠷᠲ ᠢᠺᠲ᠋ᠦ᠋ᠯᠢᠨ ︵酒精鱼石脂︶᠂ 5 ᠦᠷᠢᠯ ᠹᠦᠷᠡᠽᠤᠯᠢᠳᠦᠨ ︵痢特灵︶ ᠢ ᠡᠳᠦᠷ ᠪᠦᠷᠢ 2 ᠤᠳᠠᠭ᠎ᠠ ᠴᠢᠳᠬᠤᠵᠦ ᠤᠤᠭᠤᠯᠭᠠᠨ᠎ᠠ᠃
       ᠬᠤᠣᠷᠳᠣ ᠴᠤᠭᠤᠷ ᠲᠤ ᠬᠤᠤᠷᠳᠠᠭᠳᠠᠬᠤ᠄ ᠬᠤᠨᠢ ᠨᠢ ᠬᠤᠣᠷᠲᠤ ᠴᠤᠭᠤᠷ ᠢ ᠠᠳᠡᠭᠦᠷᠡᠨ ᠢᠳᠡᠰᠢᠯᠡᠭᠰᠡᠨ ᠤ ᠰᠡᠭᠦᠯᠡᠷ ᠬᠦᠳᠡᠯᠬᠦ ᠳᠤ ᠪᠡᠷᠭᠡ᠂ ᠭᠦᠵᠡᠭᠡ ᠬᠥᠭᠡᠭᠡᠬᠦ᠂ ᠠᠮᠠ ᠠᠴᠠ ᠨᠢ ᠴᠠᠭᠠᠨ ᠬᠥᠭᠡᠰᠦ ᠭᠠᠷᠬᠤ᠂ ᠪᠠᠭᠠᠰᠤ ᠠᠯᠳᠠᠬᠤ᠂ ᠪᠤᠯᠴᠢᠩ ᠵᠠᠭᠤᠷᠠᠬᠤ ᠵᠡᠷᠭᠡ ᠰᠢᠨᠵᠢ ᠲᠡᠮᠳᠡᠭ ᠢᠯᠡᠷᠡᠬᠦ ᠪᠦᠭᠡᠳ ᠪᠠᠰᠠ ᠤᠨᠠᠳᠠᠭ ᠭᠡᠮ ᠲᠠᠢ ᠪᠤᠯᠤᠨ᠎ᠠ᠃ ᠡᠭᠦᠨ ᠳᠤ 5 ᠭᠷᠡᠮ ᠳᠠᠨᠨᠢᠨ ᠬᠦᠴᠢᠯ ᠪᠤᠶᠤ 200 ᠮᠢᠯᠢᠯᠢᠲᠷ ᠢᠳᠡᠰᠢᠨ ᠼᠤᠤ ᠤᠤᠭᠤᠯᠭᠠᠪᠠᠯ ᠳᠠᠷᠤᠢ ᠬᠦᠩᠭᠡᠷᠡᠬᠦ ᠪᠣᠯᠣᠨ᠎ᠠ᠃
       ᠲᠠᠯᠠᠨ ᠲᠦᠷᠦᠭᠦᠦ ᠳᠤ ᠬᠤᠤᠷᠳᠠᠭᠳᠠᠬᠤ᠄ ᠠᠳᠡᠭᠦᠷᠡᠨ ᠢᠳᠡᠪᠡᠯ ᠭᠡᠳᠡᠰᠦ ᠡᠪᠡᠳᠬᠦ᠂ ᠦᠰᠦᠷᠴᠦ ᠬᠠᠷᠠᠶᠢᠬᠤ᠂ ᠪᠥᠭᠡᠯᠵᠢᠬᠦ ᠵᠡᠷᠭᠡ ᠢᠯᠡᠷᠡᠯ ᠲᠠᠢ ᠪᠣᠯᠳᠠᠭ᠂ ᠡᠭᠦᠨ ᠢ ᠵᠠᠰᠠᠬᠤ ᠣᠨᠴᠠ ᠲᠤᠰᠠ ᠲᠠᠢ ᠡᠮ ᠭᠡᠵᠦ ᠪᠠᠶᠢᠬᠤ ᠦᠭᠡᠢ᠂ ᠵᠤᠭᠢᠬᠤ ᠭᠡᠮᠵᠢᠶᠠᠨ ᠤ ᠢᠳᠡᠰᠢᠨ ᠼᠤᠤ ᠤᠤᠭᠤᠯᠭᠠᠵᠤ ᠬᠤᠤᠷ ᠢ ᠲᠠᠶᠢᠯᠤᠨ᠎ᠠ᠃
       ᠰᠢᠭᠡᠰᠦᠯᠢᠭ ᠡᠳ᠋ ᠲᠤ ᠬᠤᠤᠷᠳᠠᠭᠳᠠᠬᠤ᠄ ᠴᠤᠭ ᠰᠦᠯᠳᠡ ᠦᠭᠡᠢ ᠪᠣᠯᠬᠤ᠂ ᠪᠤᠯᠴᠢᠩ ᠨᠢ ᠴᠡᠴᠡᠷᠡᠬᠦ᠂ ᠬᠦᠳᠡᠯᠬᠦ ᠳᠤ ᠪᠡᠷᠭᠡ ᠪᠣᠯᠬᠤ᠂ ᠬᠡᠪᠲᠡᠭᠡᠳ ᠮᠠᠶᠢᠯᠠᠬᠤ᠂ ᠭᠡᠳᠡᠰᠦ ᠬᠦᠭᠡᠭᠡᠬᠦ ᠵᠡᠷᠭᠡ ᠢᠯᠡᠷᠡᠯ
 ᠲᠠᠢ ᠪᠤᠯᠳᠠᠭ᠃ ᠰᠢᠭᠡᠰᠦᠯᠢᠭ ᠡᠳ᠋ ᠲᠤ ᠬᠤᠣᠷᠳᠠᠭᠳᠠᠭᠰᠠᠨ ᠢ ᠣᠯᠵᠣ ᠮᠡᠳᠡᠪᠡᠯ ᠤᠷᠢᠲᠠᠪᠠᠷ 200~300 ᠮᠢᠯᠢᠯᠢᠲᠷ ᠤᠨ ᠢᠳᠡᠰᠢᠨ ᠼᠤᠤ ᠴᠢᠳᠬᠤᠨ ᠤᠤᠭᠤᠯᠭᠠᠵᠤ᠂ ᠬᠦᠬᠦᠷ ᠬᠦᠴᠢᠯ ᠤᠨ ᠨᠠᠲᠷᠢ᠂ ᠬᠦᠬᠦᠷ ᠬᠦᠴᠢᠯ ᠤᠨ ᠮᠠᠭᠨᠢ ᠪᠤᠶᠤ ᠤᠷᠭᠤᠮᠠᠯ ᠤᠨ ᠲᠣᠰᠣ ᠵᠡᠷᠭᠡ ᠲᠤᠭᠤᠯᠭᠠᠬᠤ ᠡᠳ᠋ ᠢ ᠤᠤᠭᠤᠯᠭᠠᠨ᠎ᠠ᠂ ᠬᠥᠭᠡᠭᠡᠭᠰᠡᠨ ᠨᠢ ᠬᠦᠨᠳᠦ ᠪᠣᠯ ᠭᠦᠵᠡᠭᠡ ᠶᠢ ᠵᠡᠭᠦᠯᠡᠵᠦ ᠰᠤᠷᠤᠬᠤ ᠵᠠᠰᠠᠯ ᠬᠢᠵᠦ ᠪᠣᠯᠣᠨ᠎ᠠ᠃ ᠭᠡᠷᠪᠡ ᠲᠤᠰᠠ ᠭᠠᠷᠤᠭᠰᠠᠨ ᠦᠭᠡᠢ ᠪᠣᠯ ᠢᠳᠡᠰᠢᠨ ᠼᠤᠤ ᠴᠢᠳᠬᠤᠵᠦ ᠤᠤᠭᠤᠯᠭᠠᠬᠤ ᠭᠡᠮᠵᠢᠶ᠎ᠠ ᠶᠢ ᠨᠡᠮᠡᠭᠳᠡᠭᠦᠯᠵᠦ᠂ ᠬᠤᠳᠤᠭᠤᠳᠤᠨ ᠤ ᠬᠡᠢ ᠶᠢ ᠢᠳᠡᠭ ᠢᠳᠡᠭ ᠢᠶᠠᠷ ᠭᠠᠷᠭᠠᠨ᠎ᠠ᠃
       ᠬᠤᠭᠤᠯᠠᠨ ᠤ ᠳᠠᠪᠤᠰᠤᠨ ᠳᠤ ᠬᠤᠤᠷᠳᠠᠭᠳᠠᠬᠤ᠄ ᠭᠤᠣᠯ ᠢᠯᠡᠷᠡᠯ ᠨᠢ ᠤᠮᠳᠠᠭᠠᠰᠬᠤ ᠪᠣᠯᠣᠨ᠎ᠠ᠂ ᠲᠦᠷᠭᠡᠨ ᠴᠢᠨᠠᠷᠲᠠᠢ ᠬᠤᠤᠷᠳᠠᠭᠳᠠᠭᠰᠠᠨ ᠬᠤᠨᠢ ᠶᠢᠨ ᠠᠮᠠᠨ ᠠᠴᠠ ᠶᠡᠭᠡ ᠭᠡᠮᠵᠢᠶᠠᠨ ᠤ ᠬᠥᠭᠡᠰᠦ ᠭᠠᠷᠴᠦ᠂ ᠬᠥᠬᠡᠷᠴᠦ ᠲᠣᠭᠲᠠᠪᠤᠷᠢ ᠦᠭᠡᠢ ᠪᠣᠯᠬᠤ᠂ ᠰᠢᠲᠦ ᠪᠠᠨ ᠬᠠᠪᠢᠷᠬᠤ᠂ ᠪᠤᠯᠴᠢᠩ ᠴᠡᠴᠡᠷᠡᠬᠦ ᠵᠡᠷᠭᠡ ᠢᠯᠡᠷᠡᠯ ᠲᠠᠢ ᠪᠤᠯᠳᠠᠭ᠂ ᠴᠠᠭ ᠲᠤᠬᠠᠢ ᠳᠤᠨᠢ ᠠᠷᠪᠢᠨ ᠤᠰᠤ ᠤᠤᠭᠤᠯᠭᠠᠬᠤ ᠪᠦᠭᠡᠳ ᠳᠤᠰᠤᠯᠢᠭ ᠴᠢᠨᠠᠷᠲᠠᠢ ᠲᠤᠭᠤᠯᠭᠠᠬᠤ ᠡᠮ ᠴᠢᠳᠬᠤᠨ ᠤᠤᠭᠤᠯᠭᠠᠵᠤ᠂ 10% ᠶᠢᠨ ᠾᠯᠤᠷᠲᠦ ᠺᠠᠯᠼ ᠪᠤᠶᠤ 10% ᠶᠢᠨ ᠦᠵᠦᠮ ᠤᠨ ᠰᠢᠬᠢᠷ ᠤᠨ ᠬᠦᠴᠢᠯ ᠤᠨ ᠺᠠᠯᠼ ᠢ ᠨᠠᠮᠵᠢᠭᠤᠨ ᠰᠤᠳᠠᠯ ᠳᠤ ᠨᠢ ᠳᠠᠷᠢᠨ᠎ᠠ᠃ ᠡᠭᠦᠨ ᠠᠴᠠ ᠭᠠᠳᠠᠨ᠎ᠠ᠂ ᠠᠷᠠᠰᠤᠨ ᠳᠤᠤᠷ᠎ᠠ ᠪᠣᠶᠤ ᠪᠣᠯᠴᠢᠩ ᠳᠤ ᠸᠢᠲ᠋ᠠᠮᠢᠨ B ᠶᠢ ᠲᠠᠷᠢᠬᠤ ᠪᠦᠭᠡᠳ ᠰᠢᠩᠭᠡᠨ ᠨᠥᠬᠦᠪᠦᠷᠢᠯᠡᠨ᠎ᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
Baidu
map