|
ᠦᠬᠡᠷ ᠬᠤᠨᠢ ᠶᠢᠨ ᠪᠡᠶ᠎ᠡ ᠶᠢᠨ ᠭᠠᠳᠠᠷᠭᠤ ᠳᠠᠬᠢ ᠬᠤᠪᠠᠯᠵᠠ ᠶᠢ ᠶᠠᠭᠠᠬᠢᠵᠦ ᠠᠷᠢᠯᠭᠠᠬᠤ ᠪᠤᠢ |
|
|
ᠨᠡᠶᠢᠲᠡᠯᠡᠭᠰᠡᠨ ᠴᠠᠭ᠄
2018/12/6
|
|
ᠬᠤᠪᠠᠯᠵᠠ ᠪᠣᠯ ᠨᠢᠭᠡ ᠵᠦᠢᠯ ᠤᠨ ᠦᠬᠡᠷ ᠬᠤᠨᠢ ᠶᠢᠨ ᠪᠡᠶ᠎ᠡ ᠶᠢᠨ ᠭᠠᠳᠠᠷᠭᠤ ᠳᠡᠭᠡᠷ᠎ᠡ ᠴᠢᠰᠤ ᠰᠤᠷᠤᠠ ᠮᠦᠯᠵᠢᠨ ᠠᠮᠢᠳᠤᠷᠠᠵᠦ᠂ ᠤᠯᠠᠨ ᠵᠦᠢᠯ ᠤᠨ ᠬᠠᠯᠳᠠᠪᠤᠷᠢᠲᠤ ᠭᠡᠮ ᠬᠢᠵᠢᠭ ᠢ ᠲᠠᠷᠬᠠᠭᠠᠬᠤ ᠪᠠᠶ᠎ᠡ ᠶᠢᠨ ᠭᠠᠳᠠᠷᠭᠤ ᠶᠢᠨ ᠴᠢᠬᠤᠯᠨ ᠪᠣᠯᠬᠤ ᠮᠦᠯᠵᠢᠭᠦᠷ ᠬᠤᠷᠤᠬᠠᠢ ᠪᠣᠯᠣᠨ᠎ᠠ᠃ ᠦᠬᠡᠷ ᠬᠤᠨᠢ ᠶᠢᠨ ᠪᠠᠶ᠎ᠡ ᠶᠢᠨ ᠭᠠᠳᠠᠷᠭᠤ ᠳᠤ ᠬᠤᠪᠠᠯᠵᠠ ᠮᠥᠯᠵᠢᠨ ᠠᠮᠢᠳᠤᠷᠠᠪᠠᠯ᠂ ᠦᠬᠡᠷ ᠬᠤᠨᠢ ᠨᠢ ᠲᠣᠭᠲᠠᠪᠤᠷᠢ ᠦᠭᠡᠢ ᠪᠣᠯᠬᠤ᠂ ᠵᠠᠭᠠᠲᠤᠨᠠᠬᠤ᠂ ᠴᠢᠨᠠᠭᠰᠢᠯᠠᠪᠠᠯ ᠬᠤᠪᠠᠯᠵᠠ ᠠᠴᠠ ᠪᠣᠯᠵᠤ ᠲᠠᠮᠪᠠᠷᠠᠵᠤ ᠮᠡᠳᠡᠨ᠎ᠠ᠃ ᠬᠤᠪᠠᠯᠵᠠ ᠨᠢ ᠴᠢᠰᠤ ᠶᠢ ᠰᠤᠷᠤᠭᠰᠠᠨ ᠤ ᠰᠡᠭᠦᠯᠡᠷ ᠤᠯᠠᠨ ᠵᠦᠢᠯ ᠤᠨ ᠬᠠᠯᠳᠠᠪᠤᠷᠢᠲᠤ ᠭᠡᠮ ᠢ ᠲᠠᠷᠬᠠᠭᠠᠬᠤ ᠮᠦᠷᠲᠡᠭᠡᠨ ᠦᠬᠡᠷ ᠬᠤᠨᠢ ᠨᠢ ᠲᠤᠷᠠᠵᠦ᠂ ᠴᠢᠰᠤ ᠳᠤᠲᠠᠭᠠᠳ᠂ ᠦᠬᠡᠷ ᠬᠤᠨᠢ ᠶᠢᠨ ᠡᠷᠡᠭᠦᠯ ᠴᠢᠬᠢᠷᠠᠭ ᠢ ᠨᠦᠯᠦᠭᠡᠯᠡᠠ᠂ ᠬᠦᠨᠳᠦᠷᠡᠪᠡᠯ ᠭᠡᠮᠨᠡᠵᠦ ᠦᠬᠦᠬᠦ ᠪᠣᠯᠣᠨ᠎ᠠ᠃ ᠦᠬᠡᠷ ᠬᠤᠨᠢ ᠶᠢᠨ ᠪᠠᠶ᠎ᠡ ᠶᠢᠨ ᠭᠠᠳᠠᠷᠭᠤ ᠳᠠᠬᠢ ᠬᠤᠪᠠᠯᠵᠠ ᠶᠢ ᠳᠤᠤᠷᠠᠭᠢ ᠭᠡᠳᠦᠨ ᠠᠷᠭ᠎ᠠ ᠪᠠᠷ ᠠᠷᠢᠯᠭᠠᠵᠦ ᠪᠣᠯᠣᠨ᠎ᠠ᠄ 1. ᠬᠦᠮᠦᠨ ᠤ ᠬᠦᠴᠦ ᠪᠠᠷ ᠠᠷᠢᠯᠭᠠᠬᠤ᠃ ᠭᠡᠷᠪᠡ ᠲᠡᠵᠢᠭᠡᠵᠦ ᠪᠠᠶᠢᠭ᠎ᠠ ᠦᠬᠡᠷ ᠬᠤᠨᠢ ᠶᠢᠨ ᠲᠤᠭ᠎ᠠ ᠠᠷᠪᠢᠨ ᠪᠢᠰᠢ ᠪᠥᠭᠡᠳ ᠬᠦᠮᠦᠨ ᠤ ᠲᠤᠭ᠎ᠠ ᠬᠦᠷᠦᠯᠴᠡᠪᠡᠯ᠂ ᠬᠤᠪᠠᠯᠵᠠ ᠶᠢ ᠬᠦᠮᠦᠨ ᠤ ᠬᠦᠴᠦ ᠪᠠᠷ ᠠᠷᠢᠯᠭᠠᠬᠤ ᠠᠷᠭ᠎ᠠ ᠶᠢ ᠠᠪᠴᠤ ᠪᠤᠯᠤᠨ᠎ᠠ᠃ 2. ᠡᠮ ᠰᠦᠷᠴᠢᠵᠦ ᠠᠷᠢᠯᠭᠠᠬᠤ᠃ 0.2% ᠤᠨ ᠮᠢᠩ ᠠᠯᠠᠬᠤᠰᠤᠨ ︵杀螟松︶ ᠪᠤᠶᠤ 0.25% ᠶᠢᠨ ᠳᠠᠪᠬᠤᠷ ᠬᠦᠬᠦᠷᠲᠦ ᠹᠤᠰᠹᠤᠷ ︵倍硫磷︶᠂ 1% ᠶᠢᠨ ᠮᠠᠯᠠᠲ᠋ᠢᠸᠤᠨ ︵马拉硫磷︶᠂ 0.2% ᠤᠨ ᠬᠦᠨᠦᠭᠡᠯᠲᠦ ᠰᠢᠪᠡᠵᠡᠢ ᠠᠷᠢᠯᠭᠠᠭᠴᠢ ︵害虫敌︶᠂ 0.2% ᠤᠨ ᠤᠺᠲᠨ ᠬᠦᠬᠦᠷᠲᠦ ᠹᠤᠰᠹᠤᠷ ᠤᠨ ᠴᠠᠶᠢᠲᠠᠮ ︵辛硫磷乳剂︶ ᠢ ᠮᠠᠯ ᠳᠡᠵᠢᠭᠡᠪᠦᠷᠢ ᠶᠢᠨ ᠪᠡᠶ᠎ᠡ ᠳᠡᠭᠡᠷ᠎ᠡ ᠰᠦᠷᠴᠢᠬᠦ ᠪᠤᠶᠤ ᠲᠦᠷᠬᠢᠨ᠎ᠡ᠂ ᠭᠡᠷᠡᠭᠯᠡᠬᠦ ᠭᠡᠮᠵᠢᠶ᠎ᠠ ᠨᠢ ᠬᠤᠨᠢ ᠳᠤ ᠤᠳᠠᠭ᠎ᠠ ᠪᠦᠷᠢ 200 ᠮᠢᠯᠢᠯᠢᠲᠷ᠂ ᠦᠬᠡᠷ ᠲᠤ ᠤᠳᠠᠭ᠎ᠠ ᠪᠦᠷᠢ 500 ᠮᠢᠯᠢᠯᠢᠲᠷ᠂ 3 ᠭᠠᠷᠠᠭ ᠠᠯᠤᠰᠯᠠᠬᠤ ᠪᠦᠷᠢ ᠨᠢᠭᠡ ᠤᠳᠠᠭ᠎ᠠ ᠶᠠᠪᠤᠭᠳᠠᠭᠤᠯᠤᠨ᠎ᠠ᠃ ᠪᠠᠰᠠ ᠪᠯᠤᠷᠤ᠋ ᠡᠲ᠋ᠧᠷ ᠫᠷᠧᠲ᠋ᠢᠨ ︵氟苯醚菊酯︶ ᠢ ᠺᠢᠯᠣᠭ᠍ᠷᠠᠮ ᠪᠦᠷᠢ ᠪᠡᠶ᠎ᠡ ᠶᠢᠨ ᠬᠦᠨᠳᠦ ᠳᠤ 2 ᠮᠢᠯᠢᠭᠷᠡᠮ ᠢᠶᠠᠷ ᠨᠢᠭᠡ ᠤᠳᠠᠭ᠎ᠠ ᠨᠢᠷᠤᠭᠤᠨ ᠤ ᠭᠡᠰᠡᠭ ᠲᠤ ᠰᠦᠷᠴᠢᠵᠦ᠂ 2 ᠭᠠᠷᠠᠭ ᠤᠨ ᠳᠠᠷᠠᠭ᠎ᠠ ᠳᠠᠬᠢᠵᠦ 1 ᠤᠳᠠᠭ᠎ᠠ ᠶᠠᠪᠤᠭᠳᠠᠭᠤᠯᠤᠨ᠎ᠠ᠃ 3. ᠡᠮᠲᠦ ᠤᠬᠢᠶᠠᠯ ᠬᠢᠬᠦ᠃ 0.05% ᠶᠢᠨ ᠬᠤᠣᠰ ᠹᠤᠷᠮ ︵双甲脒︶ ᠪᠤᠶᠤ 0.1% ᠶᠢᠨ ᠮᠠᠯᠠᠲ᠋ᠢᠸᠤᠨ᠂ 0.1% ᠶᠢᠨ ᠤᠺᠲ᠋ᠠ ᠬᠦᠬᠦᠷᠲᠦ ᠹᠤᠰᠹᠤᠷ ᠵᠡᠷᠭᠡ ᠪᠠᠷ ᠬᠤᠨᠢ ᠳᠤ ᠡᠮᠲᠦ ᠤᠬᠢᠶᠠᠯ ᠬᠢᠨ᠎ᠡ᠃ ᠡᠭᠦᠨ ᠠᠴᠠ ᠭᠠᠳᠠᠨ᠎ᠠ᠂ ᠠᠷᠠᠰᠤᠨ ᠳᠤᠤᠷ᠎ᠠ ᠨᠢ ᠠ ᠸᠧᠢ ᠪᠠᠺᠲ᠋ᠧᠷᠢ ᠶᠢᠨ ᠡᠳ᠋ ︵阿维菌素︶ ᠢ ᠺᠢᠯᠣᠭ᠍ᠷᠠᠮ ᠪᠦᠷᠢ ᠪᠡᠶ᠎ᠡ ᠶᠢᠨ ᠬᠦᠨᠳᠦ ᠳᠤ 0.2 ᠮᠢᠯᠢᠭᠷᠡᠮ ᠢᠶᠠᠷ ᠨᠢᠭᠡ ᠤᠳᠠᠭ᠎ᠠ ᠳᠤ ᠳᠠᠷᠢᠬᠤ ᠪᠤᠶᠤ ᠤᠤᠭᠤᠯᠭᠠᠨ᠎ᠠ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|