ᠭᠠᠭ᠋ᠠᠢ ᠲᠡᠵᠢᠭᠡᠬᠦ ᠲᠠᠯᠠᠪᠠᠢ ᠶᠢᠨ ᠬᠤᠷᠤᠬᠠᠢ ᠲᠠᠭᠤᠬᠤ ᠦᠷ᠎ᠡ ᠳ᠋ᠦᠩ ᠢ ᠬᠡᠷᠭᠢᠨ ᠲᠡᠭᠡᠭᠰᠢᠯᠡᠭᠦᠯᠬᠦ ᠪᠤᠢ
ᠨᠡᠶᠢᠲᠡᠯᠡᠭᠰᠡᠨ ᠴᠠᠭ᠄
2018/12/6

       ᠡᠮ ᠢ ᠲᠤᠬᠢᠷᠠᠮᠵᠢᠲᠠᠢ ᠰᠤᠩᠭᠤᠬᠤ
       ᠬᠤᠷᠤᠬᠠᠢ ᠲᠠᠭᠤᠬᠤ ᠳᠤ ᠬᠠᠨᠤᠮᠵᠢᠲᠠᠢ ᠦᠷ᠎ᠡ ᠳ᠋ᠦᠩ ᠳᠤ ᠬᠦᠷᠬᠦ ᠭᠡᠪᠡᠯ ᠬᠢᠮᠳᠠ᠂ ᠦᠷᠭᠡᠨ ᠦᠢᠯᠡᠳᠤᠯᠲᠦ᠂ ᠦᠨᠳᠤᠷ ᠦᠷ᠎ᠡ ᠠᠰᠢᠭᠲᠠᠢ᠂ ᠠᠶᠤᠯ ᠦᠭᠡᠢ ᠬᠤᠷᠤᠬᠠᠢ ᠲᠠᠭᠤᠬᠤ ᠡᠮ ᠢ ᠰᠤᠩᠭᠤᠬᠤ ᠨᠢ ᠵᠠᠩᠭᠢᠯᠠᠭ᠎ᠠ ᠪᠤᠯᠤᠨ᠎ᠠ᠃ ᠣᠳᠣ ᠦᠢᠯᠡᠳᠦᠯ ᠢᠶᠠᠷ ᠨᠡᠯᠢᠶᠡᠳ ᠰᠠᠶᠢᠨ ᠡᠮ ᠳᠤ ᠪᠦᠷᠢᠨ ᠬᠤᠷᠤᠬᠠᠢ ᠲᠠᠭᠤᠬᠤ ᠡᠮ ︵齐全打虫星︶᠂ ᠬᠤᠷᠤᠬᠠᠢ ᠲᠠᠭᠤᠬᠤ ᠤᠬᠢ ︵驱虫精︶᠂ ᠫᠷᠤᠫᠢᠯ ᠢᠮᠢᠳᠠᠽᠤᠯ  ︵丙硫咪唑︶᠂ ᠵᠡᠭᠦᠨᠰᠢ ᠡᠷᠭᠢᠯᠭᠡᠳᠤ ᠢᠮᠢᠳᠠᠽᠤᠯ ︵左旋咪唑︶ ᠵᠡᠷᠭᠡ ᠪᠤᠢ᠃ ᠡᠮ ᠢ ᠬᠡᠷᠡᠭᠯᠡᠬᠦ ᠦᠶᠡᠰ ᠬᠡᠮᠵᠢᠶᠡᠨ ᠠᠴᠠ ᠬᠡᠲᠦᠷᠡᠬᠦᠯᠬᠦ ᠪᠤᠶᠤ ᠬᠡᠮᠵᠢᠶᠡᠨ ᠳᠤ ᠬᠦᠷᠬᠦ ᠦᠭᠡᠢ ᠪᠠᠶᠢᠬᠤ ᠠᠴᠠ ᠰᠡᠷᠭᠡᠶᠢᠯᠡᠨ᠎ᠡ᠃
       ᠴᠠᠭ ᠢ ᠤᠨᠤᠪᠴᠢᠲᠠᠢ ᠪᠠᠶᠢᠯᠭᠠᠬᠤ
       ᠬᠤᠷᠤᠬᠠᠢ ᠶᠢᠨ ᠲᠦᠷᠦᠯ ᠵᠦᠢᠯ᠂ ᠪᠤᠶᠢᠵᠢᠯᠲᠠ ᠶᠢᠨ ᠪᠠᠶᠢᠳᠠᠯ ᠪᠣᠯᠣᠨ ᠤᠯᠠᠷᠢᠯ ᠢ ᠦᠨᠳᠤᠰᠦᠯᠡᠵᠦ ᠬᠤᠷᠤᠬᠠᠢ ᠲᠠᠭᠤᠬᠤ ᠴᠠᠭ ᠢ ᠲᠤᠭᠳᠠᠭᠠᠨ᠎ᠠ᠃ ᠡᠩ ᠤᠨ ᠪᠠᠶᠢᠳᠠᠯ ᠳᠤ᠂ ᠭᠠᠭ᠋ᠠᠢ ᠶᠢᠨ ᠬᠤᠷᠤᠬᠠᠢ ᠶᠢ ᠠᠩᠬ᠎ᠠ ᠤᠳᠠᠭ᠎ᠠ ᠲᠠᠭᠤᠬᠤ ᠳᠤ ᠬᠠᠮᠤᠭ ᠰᠠᠶᠢᠨ ᠨᠢ 45~60 ᠬᠤᠨᠤᠭ ︵ᠭᠠᠭ᠋ᠠᠢ ᠶᠢᠨ ᠪᠡᠶ᠎ᠡ ᠶᠢᠨ ᠬᠦᠨᠳᠤ ᠨᠢ 30 ᠺᠢᠯᠤᠭ᠍ᠷᠡᠮ ᠤᠷᠴᠢᠮ︶ ᠤᠨ ᠦᠶᠡᠰ ᠶᠠᠪᠤᠭᠳᠠᠭᠤᠯᠪᠠᠯ ᠦᠷ᠎ᠡ ᠳ᠋ᠦᠩ ᠨᠢ ᠨᠡᠯᠢᠶᠡᠳ ᠰᠠᠶᠢᠨ ᠪᠠᠶᠢᠵᠦ᠂ ᠢᠩᠭᠢᠪᠡᠯ ᠤᠯᠠᠨ ᠮᠦᠯᠵᠢᠭᠦᠷ ᠬᠤᠷᠤᠬᠠᠢ ᠶᠢ ᠨᠢᠭᠡᠯᠨ ᠳᠡᠭᠡᠷ᠎ᠡ ᠳᠠᠭᠤᠵᠤ ᠳᠡᠶᠢᠯᠦᠨ᠎ᠡ᠃ ᠨᠢᠭᠡᠳᠦᠭᠡᠷ ᠤᠳᠠᠭ᠎ᠠ ᠡᠮ ᠬᠡᠷᠡᠭᠯᠡᠭᠰᠡᠨ ᠤ ᠰᠡᠭᠦᠯᠡᠷ 60~90 ᠡᠳᠦᠷ ᠤᠨ ᠳᠠᠷᠠᠭ᠎ᠠ ᠳᠠᠬᠢᠵᠤ ᠨᠢᠭᠡ ᠤᠳᠠᠭ᠎ᠠ ᠬᠤᠷᠤᠬᠠᠢ ᠲᠠᠭᠤᠨ᠎ᠠ᠃ ᠬᠤᠷᠤᠬᠠᠢ ᠶᠢ ᠰᠥᠨᠢ ᠪᠠᠷ ᠲᠠᠭᠤᠪᠠᠯ ᠬᠠᠮᠤᠭ ᠰᠠᠶᠢᠨ ᠶᠤᠮ᠃
       ᠠᠷᠭ᠎ᠠ ᠶᠢ ᠳᠡᠮᠲᠡᠢ ᠪᠠᠶᠢᠯᠭᠠᠬᠤ
       ᠬᠤᠷᠤᠬᠠᠢ ᠲᠠᠭᠤᠬᠤ ᠡᠮ ᠤᠨ ᠰᠠᠶᠢᠨ ᠰᠢᠩᠭᠡᠬᠦ ᠶᠢ ᠪᠠᠲᠤᠯᠠᠬᠤ ᠶᠢᠨ ᠲᠦᠯᠦᠭᠡ᠂ ᠬᠤᠷᠤᠬᠠᠢ ᠲᠠᠭᠤᠬᠤ ᠡᠮ ᠢ ᠦᠭᠬᠦ ᠠᠴᠠ ᠡᠮᠤᠨ᠎ᠡ ᠭᠠᠭ᠋ᠠᠢ ᠶᠢᠨ ᠨᠢᠭᠡ ᠴᠠᠭ ᠤᠨ ᠬᠤᠭᠤᠯᠠ ᠶᠢ ᠢᠳᠡᠭᠦᠯᠬᠦ ᠶᠢ ᠵᠤᠭᠰᠤᠭᠠᠨ᠎ᠠ᠃ ᠤᠷᠤᠢ ᠶᠢᠨ 6~8 ᠴᠠᠭ ᠤᠨ ᠦᠶᠡᠰ ᠢᠶᠠᠷ ᠡᠮ ᠢ ᠪᠠᠭ᠎ᠠ ᠬᠡᠮᠵᠢᠶᠡᠨ ᠤ ᠨᠠᠷᠢᠯᠢᠭ ᠪᠤᠷᠳᠤᠭ᠎ᠠ ᠲᠠᠢ ᠵᠢᠭᠳᠡ ᠬᠤᠯᠢᠵᠤ᠂ ᠭᠠᠭ᠋ᠠᠢ ᠳᠤ ᠨᠢᠭᠡ ᠯᠡ ᠤᠳᠠᠭ᠎ᠠ ᠳᠤ ᠢᠳᠡᠭᠦᠯᠵᠦ ᠲᠠᠭᠤᠰᠬᠠᠨ᠎ᠠ᠃ ᠬᠡᠷᠪᠡ ᠭᠠᠭ᠋ᠠᠢ ᠢᠳᠡᠬᠦ ᠦᠭᠡᠢ ᠪᠠᠶᠢᠪᠠᠯ ᠪᠤᠷᠳᠤᠭᠠᠨ ᠲᠤᠳᠤᠷ᠎ᠠ ᠵᠢᠭᠠᠬᠠᠨ ᠲᠠᠪᠤᠰᠤ ᠲᠠᠢ ᠤᠰᠤ ᠪᠤᠶᠤ ᠰᠢᠬᠢᠷ ᠤᠨ ᠤᠬᠢ ᠨᠡᠮᠡᠵᠦ ᠪᠤᠯᠤᠨ᠎ᠠ᠃ ᠰᠦᠷᠦᠭ ᠭᠠᠭ᠋ᠠᠢ ᠳᠤ ᠡᠮ ᠦᠭᠬᠦ ᠦᠶᠡᠰ᠂ ᠤᠷᠢᠳᠠᠪᠠᠷ ᠡᠮ ᠤᠨ ᠬᠡᠮᠵᠢᠶ᠎ᠡ ᠶᠢ ᠪᠤᠳᠤᠵᠤ ᠭᠠᠷᠭᠠᠨ᠂ ᠡᠮ ᠢ ᠬᠡᠮᠬᠡᠯᠵᠦ ᠪᠣᠷᠳᠤᠭ᠎ᠠ ᠲᠠᠢ ᠵᠢᠭᠳᠡ ᠬᠤᠯᠢᠨ᠎ᠠ᠃ ᠬᠤᠷᠤᠬᠠᠢ ᠲᠠᠭᠤᠬᠤ ᠬᠤᠭᠤᠴᠠᠭ᠎ᠠ ᠶᠢ ᠶᠡᠷᠦ ᠳᠡᠭᠡᠨ 6 ᠡᠳᠤᠷ ᠪᠠᠶᠢᠯᠭᠠᠵᠤ᠂ ᠲᠣᠭᠲᠠᠮᠠᠯ ᠭᠠᠵᠠᠷ ᠲᠤ ᠬᠤᠷᠢᠵᠤ ᠲᠡᠵᠢᠭᠡᠨ᠂ ᠲᠠᠯᠠᠪᠠᠢ ᠡᠭᠦᠷ ᠢ ᠴᠡᠪᠡᠷᠯᠡᠬᠦ ᠪᠠ ᠠᠷᠢᠭᠤᠳᠬᠠᠬᠤ ᠳᠤ ᠲᠦᠭᠦᠮ ᠪᠠᠶᠢᠯᠭᠠᠨ᠎ᠠ᠃
       ᠡᠷᠡᠭᠦᠯ ᠬᠠᠮᠠᠭᠠᠯᠠᠯ ᠢ ᠲᠦᠢᠯᠪᠤᠷᠢᠲᠠᠢ ᠬᠢᠬᠦ
       ᠡᠮ ᠦᠭᠭᠦᠭᠰᠡᠨ ᠤ ᠲᠠᠷᠠᠭ᠎ᠠ ᠭᠠᠭ᠋ᠠᠢ ᠶᠢᠨ ᠡᠭᠦᠷ ᠤᠨ ᠠᠷᠢᠭᠤᠨ ᠴᠡᠪᠡᠷ ᠪᠠᠶᠢᠬᠤ ᠶᠢ ᠪᠠᠳᠤᠯᠠᠬᠤ ᠨᠢ  ᠬᠤᠷᠤᠬᠠᠢ ᠲᠠᠭᠤᠬᠤ ᠦᠷ᠎ᠡ ᠳ᠋ᠦᠩ ᠢ ᠲᠡᠭᠡᠭᠰᠢᠯᠡᠭᠦᠯᠬᠦ ᠳᠤ ᠴᠢᠬᠤᠯᠠ ᠠᠴᠢ ᠬᠤᠯᠪᠣᠭᠳᠠᠯ ᠲᠠᠢ ᠶᠤᠮ᠃ ᠴᠥᠭᠡᠨ ᠪᠤᠰᠤ ᠭᠠᠭ᠋ᠠᠢ ᠲᠡᠵᠢᠭᠡᠬᠦ ᠡᠷᠦᠬᠡ ᠨᠢ ᠭᠠᠭ᠋ᠠᠢ ᠶᠢᠨ ᠬᠤᠷᠤᠬᠠᠢ ᠶᠢ ᠲᠠᠭᠤᠭᠰᠠᠨ ᠤ ᠲᠠᠷᠠᠭ᠎ᠠ᠂ ᠦᠷᠭᠦᠯᠵᠢ ᠡᠭᠦᠷ ᠬᠠᠰᠢᠶ᠎ᠠ᠂ ᠪᠠᠭᠠᠰᠦ ᠢᠯᠭᠠᠳᠠᠰᠤ ᠶᠢ ᠴᠡᠪᠡᠷᠯᠡᠵᠦ ᠠᠷᠢᠭᠤᠳᠬᠠᠬᠤ ᠶᠢ ᠣᠮᠲᠣᠭᠠᠶᠢᠯᠠᠳᠠᠭ ᠪᠠᠶᠢᠨ᠎ᠠ᠂ ᠡᠭᠦᠨ ᠤ ᠳ᠋ᠦᠩ ᠳᠤ ᠢᠯᠭᠠᠷᠠᠭᠤᠯᠤᠨ ᠭᠠᠷᠭᠠᠭᠰᠠᠨ ᠬᠤᠷᠤᠬᠠᠢ ᠪᠠ ᠬᠤᠷᠤᠬᠠᠢ ᠶᠢᠨ ᠦᠨᠳᠡᠭᠡ ᠶᠢ ᠭᠠᠭ᠋ᠠᠢ ᠨᠢ ᠳᠠᠬᠢᠨᠲᠠ ᠢᠳᠡᠭᠡᠳ ᠬᠠᠯᠳᠠᠪᠤᠷᠢᠯᠠᠭᠳᠠᠬᠤ ᠪᠣᠯᠣᠨ᠎ᠠ᠃ ᠡᠶᠢᠮᠤ ᠠᠴᠠ᠂ ᠬᠤᠷᠤᠬᠠᠢ ᠶᠢ ᠲᠠᠭᠤᠭᠰᠠᠨ ᠤ ᠲᠠᠷᠠᠭ᠎ᠠ᠂ ᠪᠠᠭᠠᠰᠦ ᠢᠯᠭᠠᠳᠠᠰᠤ ᠶᠢ ᠨᠢ ᠴᠠᠭ ᠲᠤᠬᠠᠢ ᠳᠤᠨᠢ ᠴᠡᠪᠡᠷᠯᠡᠵᠦ ᠲᠦᠪᠯᠡᠷᠡᠭᠦᠯᠦᠨ ᠤᠪᠤᠭᠠᠯᠠᠵᠤ ᠢᠰᠭᠡᠬᠦ ᠪᠤᠶᠤ ᠰᠢᠲᠠᠭᠠᠵᠤ ᠭᠦᠨ ᠪᠤᠯᠠᠨ᠎ᠠ︔ ᠭᠠᠵᠠᠷ᠂ ᠬᠡᠷᠡᠮ᠂ ᠬᠤᠭᠤᠯᠠᠨ ᠤ ᠤᠩᠭᠤᠴᠠ ᠶᠢ 5% ᠶᠢᠨ ᠴᠤᠬᠤᠢ ᠶᠢᠨ ᠤᠰᠤ ᠪᠠᠷ ᠠᠷᠢᠭᠤᠳᠬᠠᠵᠤ᠂ ᠮᠥᠯᠵᠢᠭᠦᠷ ᠬᠤᠷᠤᠬᠠᠢ ᠳᠤ ᠲᠠᠬᠢᠨᠲᠠ ᠬᠠᠯᠳᠠᠪᠤᠷᠢᠯᠠᠭᠳᠠᠬᠤ ᠠᠴᠠ ᠰᠡᠷᠭᠡᠶᠢᠯᠡᠨ᠎ᠡ᠃
       ᠰᠠᠶᠢᠲᠤᠷ ᠠᠵᠢᠭᠯᠠᠬᠤ
       ᠡᠮ ᠦᠭᠭᠦᠭᠰᠡᠨ ᠤ ᠲᠠᠷᠠᠭ᠎ᠠ᠂ ᠭᠠᠭ᠋ᠠᠢ ᠶᠢᠨ ᠡᠮ ᠳᠠᠬᠢ ᠲᠤᠰᠬᠠᠯ ᠢ ᠬᠢᠨᠠᠮᠠᠭᠠᠢ ᠠᠵᠢᠭᠯᠠᠨ᠎ᠠ᠃ ᠬᠡᠷᠪᠡ ᠪᠦᠭᠡᠯᠵᠢᠬᠦ᠂ ᠪᠠᠭᠠᠰᠤ ᠠᠯᠳᠠᠬᠤ ᠵᠡᠷᠭᠡ ᠰᠢᠨᠵᠢ ᠲᠡᠮᠳᠡᠭ ᠢᠯᠡᠷᠡᠪᠡᠯ᠂ ᠭᠠᠭ᠋ᠠᠢ ᠶᠢ ᠲᠠᠷᠦ᠋ᠢᠬᠠᠨ ᠡᠭᠦᠷ ᠠᠴᠠ ᠨᠢ ᠬᠥᠭᠡᠭᠡᠵᠦ ᠭᠠᠷᠭᠠᠨ ᠴᠢᠯᠦᠭᠡᠲᠡᠢ ᠬᠦᠳᠡᠯᠭᠡᠭᠡᠨ ᠬᠢᠯᠭᠡᠵᠦ᠂ ᠬᠤᠤᠷᠳᠠᠭᠳᠠᠭᠰᠠᠨ ᠰᠢᠨᠵᠢ ᠲᠡᠮᠳᠡᠭ ᠢ ᠨᠢ ᠬᠦᠩᠭᠡᠷᠡᠭᠦᠯᠦᠨ᠎ᠡ᠃ ᠲᠤᠰᠬᠠᠯ ᠬᠦᠨᠳᠤ ᠨᠣᠴᠢᠲᠠᠢ ᠭᠠᠭ᠋ᠠᠢ ᠳᠤ ᠪᠣᠯ ᠵᠢᠷᠭᠤᠭᠠᠨ ᠬᠤᠪᠢ ᠪᠣᠯᠭᠠᠭᠰᠠᠨ ᠨᠤᠭᠤᠭᠠᠨ ᠪᠤᠷᠴᠠᠭ ᠤᠨ ᠰᠦᠮᠦᠰᠦ ᠶᠢ ᠤᠤᠭᠤᠯᠭᠠᠨ᠎ᠠ᠃
       ᠪᠠᠭᠠᠰᠤ ᠠᠯᠳᠠᠭᠰᠠᠨ ᠭᠠᠭ᠋ᠠᠢ ᠳᠤ ᠪᠣᠯ ᠮᠤᠳᠤᠨ ᠤ ᠨᠡᠭᠦᠷᠡᠰᠦ ᠪᠤᠶᠤ ᠲᠣᠭᠤᠭᠠᠨ ᠤ ᠢᠷᠤᠭᠠᠷ ᠤᠨ ᠬᠥ᠋ ᠶᠢ 50 ᠭᠷᠡᠮ ᠠᠪᠴᠦ ᠪᠣᠷᠳᠤᠭ᠎ᠠ ᠲᠠᠢ ᠬᠤᠯᠢᠵᠤ ᠦᠷᠭᠦᠯᠵᠢᠯᠡᠨ 2~3 ᠡᠳᠤᠷ ᠢᠳᠡᠭᠦᠯᠦᠨ᠎ᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
Baidu
map