|
ᠠᠭᠤᠷ ᠠᠮᠢᠰᠬᠤᠯ ᠠᠭᠠᠬᠢᠮᠡ ᠬᠠᠯᠠᠭᠤᠨ ᠦᠶᠡᠰ ᠬᠤᠨᠢᠨ ᠰᠦᠷᠦᠭ ᠤᠨ ᠡᠷᠡᠭᠦᠯᠵᠢᠯ ᠢ ᠠᠩᠬᠠᠷᠬᠤ |
|
|
ᠨᠡᠶᠢᠲᠡᠯᠡᠭᠰᠡᠨ ᠴᠠᠭ᠄
2018/12/6
|
|
ᠠᠷᠢᠭᠤᠳᠬᠠᠬᠤ ᠠᠵᠢᠯ ᠢ ᠰᠠᠶᠢᠳᠤᠷ ᠬᠢᠬᠦ ᠬᠤᠨᠢᠨ ᠤ ᠬᠠᠰᠢᠶ᠎ᠠ ᠬᠤᠷᠤᠭ᠎ᠠ ᠶᠢ ᠠᠷᠢᠭᠤᠳᠬᠠᠬᠤ ᠳᠤ 10~20% ᠶᠢᠨ ᠴᠣᠬᠤᠢ ᠶᠢᠨ ᠴᠡᠶᠢᠳᠡᠮ︔ ᠡᠰᠡᠬᠦᠯ᠎ᠡ 10% ᠶᠢᠨ ᠴᠠᠶᠢᠷᠠᠭᠤᠯᠬᠤ ᠨᠤᠨᠳᠠᠭ︔ ᠡᠰᠡᠭᠦᠯ᠎ᠡ 3% ᠶᠢᠨ ᠯᠠᠶᠢᠰᠤᠯ︔ ᠡᠰᠡᠭᠦᠯ᠎ᠡ 5% ᠶᠢᠨ ᠡᠪᠡᠰᠦ ᠮᠣᠳᠣᠨ ᠤ ᠦᠨᠡᠰᠦ︔ ᠡᠰᠡᠬᠦᠯ᠎ᠡ 10% ᠶᠢᠨ ᠴᠣᠬᠤᠢ ᠶᠢᠨ ᠬᠦᠴᠢᠯ ᠤᠨ ᠠᠭᠤᠰᠤᠮᠠᠯ ᠢᠶᠠᠷ ᠰᠦᠷᠴᠢᠵᠦ ᠠᠷᠢᠭᠤᠳᠬᠠᠵᠤ ᠪᠣᠯᠣᠨ᠎ᠠ᠃ ᠬᠥᠳᠡᠯᠭᠡᠭᠡᠨ ᠤ ᠲᠠᠯᠠᠪᠠᠢ ᠶᠢ ᠠᠷᠢᠭᠤᠳᠬᠠᠬᠤ ᠳᠤ 3% ᠶᠢᠨ ᠴᠠᠶᠢᠷᠠᠭᠤᠯᠬᠤ ᠨᠤᠨᠳᠠᠭ︔ ᠡᠰᠡᠭᠦᠯ᠎ᠡ 4% ᠶᠢᠨ ᠫᠣᠷᠮᠠᠯᠢᠨ︔ ᠡᠰᠡᠭᠦᠯ᠎ᠡ 5% ᠶᠢᠨ ᠤᠰᠤᠮᠠᠭᠲᠤ ᠨᠠᠲᠷᠢ ᠶᠢᠨ ᠠᠭᠤᠰᠤᠮᠠᠯ ᠢᠶᠠᠷ ᠰᠦᠷᠴᠢᠵᠦ ᠠᠷᠢᠭᠤᠳᠬᠠᠵᠤ ᠪᠣᠯᠣᠨ᠎ᠠ᠃ ᠡᠭᠦᠳᠡᠨ ᠤ ᠤᠷᠤᠵᠤ ᠭᠠᠷᠬᠤ ᠬᠡᠰᠡᠭ ᠢ ᠠᠷᠢᠭᠤᠳᠬᠠᠬᠤ ᠳᠤ 2~4% ᠶᠢᠨ ᠤᠰᠤᠮᠠᠭᠲᠤ ᠨᠠᠲᠷᠢ︔ ᠡᠰᠡᠬᠦᠯ᠎ᠡ 10% ᠶᠢᠨ ᠺᠷᠸᠤᠯᠢᠨ ︵克辽林︶ ᠢᠶᠠᠷ ᠰᠦᠷᠴᠢᠵᠦ ᠠᠷᠢᠭᠤᠳᠬᠠᠬᠤ ᠪᠤᠶᠤ ᠡᠭᠦᠳᠡᠨ ᠤ ᠤᠷᠤᠵᠤ ᠭᠠᠷᠬᠤ ᠬᠡᠰᠡᠭ ᠲᠤ ᠦᠷᠭᠦᠯᠵᠢ ᠠᠷᠢᠭᠤᠳᠬᠠᠯ ᠤᠨ ᠰᠢᠩᠭᠡᠨ ᠳᠤ ᠲᠡᠪᠳᠤᠭᠡᠭᠰᠡᠨ ᠮᠠᠳᠠᠢ ᠪᠤᠶᠤ ᠡᠪᠡᠰᠦᠨ ᠲᠡᠪᠢᠰᠭᠡᠷ ᠲᠠᠯᠪᠢᠵᠤ ᠠᠷᠢᠭᠤᠳᠬᠠᠵᠤ ᠪᠤᠯᠤᠨ᠎ᠠ᠃ ᠠᠷᠠᠰᠤ ᠪᠤᠯᠤᠨ ᠰᠠᠯᠢᠰᠤᠲᠤ ᠪᠦᠷᠬᠦᠪᠴᠢ ᠶᠢ ᠠᠷᠢᠭᠤᠳᠬᠠᠬᠤ ᠳᠤ 70~75% ᠶᠢᠨ ᠰᠫᠢᠷᠲ︔ ᠡᠰᠡᠬᠦᠯ᠎ᠡ 2~5% ᠶᠢᠨ ᠢᠤᠳ᠋ ᠤᠨ ᠬᠠᠨᠳᠠ︔ ᠡᠰᠡᠬᠦᠯ᠎ᠡ 0.01~0.05% ᠶᠢᠨ ᠹᠧᠨ᠋ᠽᠢᠯᠲᠦ ᠠᠯᠺᠠᠨ ᠤ ᠠᠮᠮᠤᠨᠢ ᠶᠢᠨ ︵新洁尔灭︶ ᠤᠰᠤᠨ ᠠᠭᠤᠰᠤᠮᠠᠯ ᠢ ᠠᠷᠠᠰᠤ ᠪᠤᠶᠤ ᠰᠠᠯᠢᠰᠤᠲᠤ ᠪᠦᠷᠬᠦᠪᠴᠢ ᠳᠡᠭᠡᠷ᠎ᠡ ᠲᠦᠷᠬᠢᠵᠦ ᠠᠷᠢᠭᠤᠳᠬᠠᠵᠤ ᠪᠣᠯᠣᠨ᠎ᠠ᠃ ᠰᠢᠷᠬ᠎ᠠ ᠶᠢ ᠠᠷᠢᠭᠤᠳᠬᠠᠬᠤ ᠳᠤ 1~3% ᠶᠢᠨ ᠵᠦᠯᠭᠡᠨ ᠪᠣᠷᠣ ︵龙胆紫︶︔ ᠡᠰᠡᠬᠦᠯ᠎ᠡ 3% ᠶᠢᠨ ᠬᠡᠳᠤ ᠬᠦᠴᠢᠯᠳᠦ᠋ᠷᠦᠭᠴᠢᠳᠦ ᠤᠰᠤᠳᠦ᠋ᠷᠦᠭᠴᠢ︔ ᠡᠰᠡᠬᠦᠯ᠎ᠡ 0.1~0.5% ᠶᠢᠨ ᠳᠡᠭᠡᠳᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠢ ᠰᠢᠷᠬᠠᠳᠤᠭᠰᠠᠨ ᠬᠡᠰᠡᠭ ᠪᠤᠶᠤ ᠢᠳᠡᠭᠡᠯᠡᠭᠰᠡᠨ ᠬᠡᠰᠡᠭ ᠲᠤ ᠲᠦᠷᠬᠢᠵᠦ ᠠᠷᠢᠭᠤᠳᠬᠠᠵᠤ ᠪᠣᠯᠣᠨ᠎ᠠ᠃ ᠪᠠᠭᠠᠰᠤ ᠢᠯᠭᠠᠳᠠᠰᠤ ᠶᠢ ᠠᠷᠢᠭᠤᠳᠬᠠᠬᠤ ᠳᠤ ᠠᠮᠢᠳᠤ ᠪᠤᠳᠠᠰ ᠤᠨ ᠬᠠᠯᠠᠭᠤᠨ ᠢᠶᠠᠷ ᠠᠷᠢᠭᠤᠳᠬᠠᠬᠤ ᠠᠷᠭ᠎ᠠ ᠶᠢ ᠬᠡᠷᠡᠭᠯᠡᠵᠦ ᠪᠣᠯᠣᠨ᠎ᠠ᠂ ᠳᠠᠷᠤᠢ ᠬᠤᠨᠢᠨ ᠤ ᠪᠠᠭᠠᠰᠤ ᠢᠯᠭᠠᠳᠠᠰᠤ ᠶᠢ ᠬᠤᠨᠢᠨ ᠤ ᠬᠠᠰᠢᠶ᠎ᠠ ᠬᠤᠷᠤᠭ᠎ᠠ ᠠᠴᠠ 100 ᠮᠧᠲᠷ ᠵᠠᠶᠢᠳᠠᠢ ᠭᠠᠵᠠᠷ ᠲᠤ ᠣᠪᠣᠭᠠᠯᠠᠨ᠂ ᠳᠡᠭᠡᠷ᠎ᠡ ᠨᠢ 10 ᠰᠠᠨᠲ᠋ᠢᠮᠧᠲᠷ ᠵᠤᠵᠠᠭᠠᠨ ᠨᠠᠷᠢᠨ ᠰᠢᠷᠦᠢ ᠬᠤᠴᠢᠵᠤ᠂ 1 ᠰᠠᠷ᠎ᠠ ᠢᠰᠭᠡᠪᠡᠯ ᠲᠠᠷᠤᠢ ᠠᠷᠢᠭᠤᠳᠬᠠᠬᠤ ᠵᠤᠷᠢᠯᠭ᠎ᠠ ᠳᠤ ᠬᠦᠷᠴᠦ ᠳᠡᠶᠢᠯᠦᠨ᠎ᠡ᠃ ᠪᠣᠬᠢᠷᠳᠤᠭᠰᠠᠨ ᠤᠰᠤ ᠶᠢ ᠠᠷᠢᠭᠤᠳᠬᠠᠬᠤ ᠳᠤ᠂ ᠪᠣᠬᠢᠷᠲᠤᠭᠰᠠᠨ ᠤᠰᠤ ᠶᠢ ᠪᠤᠬᠢᠷ ᠤᠰᠤ ᠰᠢᠢᠳᠪᠦᠷᠢᠯᠡᠬᠦ ᠰᠤᠪᠠᠭ ᠲᠤ ᠲᠠᠲᠠᠨ ᠤᠷᠤᠭᠤᠯᠵᠤ᠂ ᠴᠠᠶᠢᠷᠠᠭᠤᠯᠬᠤ ᠨᠤᠨᠳᠠᠭ ᠪᠤᠶᠤ ᠳᠦᠭᠦᠭᠡᠢ ᠴᠣᠬᠤᠢ ︵ᠶᠡᠷᠦ ᠳᠡᠭᠡᠨ 1 ᠯᠢᠲᠷ ᠪᠤᠬᠢᠷᠳᠤᠭᠰᠠᠨ ᠤᠰᠤᠨ ᠳᠤ 2~5 ᠭᠷᠡᠮ ᠨᠡᠮᠡᠨ᠎ᠡ︶ ᠶᠢ ᠨᠡᠮᠡᠵᠦ ᠠᠷᠢᠭᠤᠳᠬᠠᠵᠤ ᠪᠣᠯᠣᠨ᠎ᠠ᠃ ᠬᠤᠨᠢᠨ ᠰᠦᠷᠦᠭ ᠲᠤ ᠡᠮᠲᠦ ᠤᠬᠢᠶᠠᠯ ᠬᠢᠬᠦ 1. ᠤᠷᠢᠳᠠᠪᠠᠷ ᠮᠠᠯ ᠤᠭᠢᠶᠠᠬᠤ ᠴᠥᠬᠦᠷᠦᠮ ᠢ ᠪᠠᠶᠢᠭᠤᠯᠬᠤ᠃ ᠮᠠᠯ ᠤᠬᠢᠶᠠᠬᠤ ᠴᠥᠬᠦᠷᠦᠮ ᠤᠨ ᠳᠡᠭᠡᠷᠡᠬᠢ ᠦᠷᠭᠡᠨ ᠢ 0.6~0.8 ᠮᠧᠲᠷ᠂ ᠳᠣᠣᠷᠠᠬᠢ ᠦᠷᠭᠡᠨ ᠢ 0.3~0.5 ᠮᠧᠲᠷ᠂ ᠭᠦᠨ ᠢ 1~1.5 ᠮᠧᠲᠷ᠂ ᠤᠷᠳᠤ ᠶᠢ 3~10 ᠮᠧᠲᠷ ᠪᠠᠶᠢᠭᠤᠯᠵᠤ᠂ ᠤᠷᠤᠬᠤ ᠪᠠ ᠭᠠᠷᠬᠤ ᠬᠡᠰᠡᠭ ᠲᠤ ᠴᠦᠮ ᠬᠠᠰᠢᠶ᠎ᠠ ᠪᠠᠷᠢᠵᠤ᠂ ᠭᠠᠷᠬᠤ ᠬᠡᠰᠡᠭ ᠲᠤ ᠨᠠᠯᠠᠤᠴᠠ ᠲᠠᠢ ᠤᠷᠤᠰᠬᠤ ᠲᠠᠶᠢᠰᠠ ᠪᠠᠶᠢᠭᠤᠯᠵᠤ᠂ ᠬᠤᠨᠢ ᠳᠤ ᠡᠮᠲᠦ ᠤᠬᠢᠶᠠᠯ ᠬᠢᠭᠰᠡᠨ ᠤ ᠰᠡᠭᠦᠯᠡᠷ 10 ᠮᠢᠨᠦ᠋ᠲ ᠤᠷᠴᠢᠮ ᠵᠤᠭᠰᠤᠭᠠᠵᠤ᠂ ᠬᠤᠨᠢᠨ ᠤ ᠪᠡᠶ᠎ᠡ ᠳᠡᠭᠡᠷᠡᠬᠢ ᠡᠮ ᠤᠨ ᠰᠢᠩᠭᠡᠨ ᠨᠢ ᠴᠥᠬᠦᠷᠦᠮ ᠳᠤ ᠪᠤᠴᠠᠨ ᠤᠷᠤᠰᠬᠤ ᠳᠤ ᠳᠦᠭᠦᠮ ᠪᠣᠯᠭᠠᠨ᠎ᠠ᠃ 2. ᠪᠠᠶᠢᠩᠭᠤ ᠭᠡᠷᠡᠭᠯᠡᠬᠦ ᠡᠮ ᠢ ᠨᠠᠶᠢᠷᠠᠭᠤᠯᠬᠤ᠃ ᠪᠠᠶᠢᠩᠭᠤ ᠭᠡᠷᠡᠭᠯᠡᠬᠦ ᠡᠮ ᠳᠤ 0.1~0.2% ᠶᠢᠨ ᠬᠤᠷᠤᠬᠠᠢ ᠠᠯᠠᠬᠤ ᠠᠮᠢᠳᠢᠨ ︵杀虫脒︶᠂ 0.05% ᠶᠢᠨ ᠤᠺᠲᠨ ᠬᠦᠬᠦᠷᠲᠦ ᠹᠤᠰᠹᠤᠷ ︵辛硫磷︶᠂ 0.03% ᠶᠢᠨ ᠯᠢᠨᠳᠠᠨ ᠡᠮ ᠤᠨ ᠲᠣᠰᠣ ︵林丹乳油︶᠂ 0.2% ᠶᠢᠨ ᠬᠤᠷᠤᠬᠠᠢ ᠠᠷᠢᠯᠭᠠᠬᠤ ᠡᠮ ︵消虫净︶᠂ 0.04 % ᠶᠢᠨ ᠬᠠᠴᠢᠭ ᠬᠤᠪᠢᠯᠵᠠ ᠶᠢᠨ ᠳᠠᠷᠤᠯᠭ᠎ᠠ ︵蜱螨灵︶ ᠪᠤᠯᠤᠨ 0.05% ᠶᠢᠨ ᠢᠯᠠᠭᠠᠨ ᠬᠤᠤᠷ ᠤᠨ ᠹᠤᠰᠹᠤᠷ ︵蝇毒磷︶ ᠵᠢᠴᠢ ᠴᠢᠯᠠᠭᠤᠨ ᠲᠣᠰᠤᠨ ᠤ ᠴᠢᠢᠳᠡᠮᠡᠭ ᠤᠨ ᠠᠭᠤᠰᠤᠮᠠᠯ ︵石油乳剂溶液︶ ︵75 ᠮᠢᠯᠢᠯᠢᠲᠷ ᠴᠢᠯᠠᠭᠤᠨ ᠲᠣᠰᠣ᠂ 27 ᠭᠷᠡᠮ ᠢᠳᠡᠮᠡᠬᠡᠢ ᠱᠦᠯᠳᠦ᠂ 250 ᠮᠢᠯᠢᠯᠢᠲᠷ ᠤᠰᠤ ᠪᠠᠷ ᠲᠦᠬᠦᠬᠡᠢ ᠮᠠᠲ᠋ᠧᠷᠢᠶᠠᠯ ᠪᠣᠯᠭᠠᠵᠤ᠂ ᠤᠷᠢᠳᠠᠪᠠᠷ ᠢᠳᠡᠮᠡᠬᠡᠢ ᠱᠦᠯᠳᠤ ᠶᠢ ᠬᠠᠯᠠᠭᠤᠨ ᠣᠰᠣᠨ ᠳᠤ ᠠᠭᠤᠰᠬᠠᠨ᠂ ᠲᠠᠬᠢᠨ ᠴᠢᠯᠠᠭᠤᠨ ᠲᠣᠰᠣ ᠨᠡᠮᠡᠵᠦ ᠵᠢᠭᠳᠡ ᠬᠤᠯᠢᠵᠤ᠂ ᠬᠡᠷᠡᠭᠯᠡᠬᠦ ᠦᠶᠡᠰ 10 ᠲᠠᠬᠢᠨ ᠤᠰᠤ ᠨᠡᠮᠡᠵᠦ ᠰᠢᠩᠭᠡᠷᠡᠭᠦᠯᠦᠨᠡ︶ ᠪᠠ ᠴᠤᠬᠤᠢ ᠬᠦᠬᠦᠷ ᠤᠨ ᠨᠡᠶᠢᠯᠡᠮᠡᠯ ᠤᠬᠢᠶᠠᠯ ᠤᠨ ᠡᠳ᠋ ︵7.5 ᠺᠢᠯᠣᠭ᠍ᠷᠠᠮ ᠲᠦᠬᠦᠭᠡᠢ ᠴᠣᠬᠤᠢ᠂ 12.5 ᠺᠢᠯᠣᠭ᠍ᠷᠠᠮ ᠬᠦᠬᠦᠷ ᠤᠨ ᠨᠤᠨᠳᠠᠭ ᠢ ᠤᠰᠤ ᠨᠡᠮᠡᠵᠦ ᠵᠤᠳᠠᠩ ᠪᠤᠯᠭᠠᠨ ᠵᠢᠭᠤᠷᠠᠵᠤ᠂ ᠳᠡᠭᠡᠷ᠎ᠡ ᠨᠢ 150 ᠯᠢᠲᠷ ᠤᠰᠤ ᠨᠡᠮᠡᠵᠦ᠂ ᠴᠢᠨᠠᠬᠤ ᠶᠢᠨ ᠳᠠᠭᠠᠤ ᠵᠢᠭᠤᠷᠠᠵᠤ᠂ ᠥᠳᠬᠡᠨ ᠴᠠᠢ ᠶᠢᠨ ᠥᠩᠭᠡ ᠲᠠᠢ ᠪᠤᠯᠳᠠᠯ᠎ᠠ ᠴᠢᠨᠠᠭᠠᠳ ᠰᠢᠭᠠᠷᠤ ᠶᠢ ᠨᠢ ᠬᠠᠶᠠᠨ᠎ᠠ᠂ ᠳᠡᠭᠡᠷᠡᠬᠢ ᠲᠤᠩᠭᠠᠯᠠᠭ ᠰᠢᠩᠭᠡᠨ ᠨᠢ ᠳᠠᠷᠤᠢ ᠡᠬᠡ ᠰᠢᠩᠭᠡᠨ ᠪᠤᠯᠤᠨ᠎ᠠ᠂ ᠡᠬᠡ ᠰᠢᠩᠭᠡᠨ ᠳᠤ 500 ᠯᠢᠲᠷ ᠪᠦᠯᠢᠶᠡᠨ ᠤᠰᠤ ᠨᠡᠮᠡᠪᠡᠯ ᠳᠠᠷᠤᠢ ᠤᠬᠢᠶᠠᠯ ᠤᠨ ᠰᠢᠩᠭᠡᠨ ᠪᠤᠯᠴᠢᠬᠠᠨ᠎ᠠ︶᠃ 3. ᠬᠤᠨᠢᠨ ᠰᠦᠷᠦᠭ ᠲᠤ ᠡᠮᠲᠦ ᠤᠬᠢᠶᠠᠯ ᠬᠢᠬᠦ᠃ ᠰᠠᠯᠬᠢ ᠦᠭᠡᠢ ᠲᠤᠩᠭᠠᠯᠠᠭ ᠡᠳᠦᠷ ᠢ ᠰᠣᠩᠭᠤᠵᠤ ᠡᠮᠲᠦ ᠤᠬᠢᠶᠠᠯ ᠬᠢᠨ᠎ᠡ᠂ ᠤᠬᠢᠶᠠᠯ ᠬᠢᠬᠦ ᠠᠴᠠ ᠡᠮᠦᠨ᠎ᠡ 8 ᠴᠠᠭ ᠲᠤ ᠬᠠᠷᠢᠭᠤᠯᠬᠤ ᠶᠢ ᠵᠤᠭᠰᠤᠭᠠᠬᠤ ᠪᠤᠶᠤ ᠲᠡᠵᠢᠭᠡᠬᠦ ᠪᠠᠨ ᠵᠤᠭᠰᠤᠭᠠᠨ᠎ᠠ᠃ ᠤᠬᠢᠶᠠᠯ ᠬᠢᠬᠦ ᠠᠴᠠ ᠡᠮᠦᠨ᠎ᠡ 2~3 ᠴᠠᠭ ᠲᠤ ᠬᠤᠨᠢ ᠶᠢ ᠬᠦᠢᠴᠡᠳ ᠤᠰᠤᠯᠠᠵᠤ᠂ ᠬᠤᠨᠢ ᠶᠢᠨ ᠤᠬᠢᠶᠠᠯ ᠬᠢᠬᠦ ᠶᠠᠪᠤᠴᠠ ᠳᠤ ᠡᠮ ᠤᠨ ᠰᠢᠩᠭᠡᠨ ᠢ ᠤᠤᠭᠤᠵᠤ ᠬᠤᠤᠷᠳᠠᠭᠳᠠᠬᠤ ᠠᠴᠠ ᠰᠡᠷᠭᠡᠶᠢᠯᠡᠨ᠎ᠡ᠃ ᠡᠮ ᠤᠨ ᠰᠢᠩᠭᠡᠨ ᠤ ᠳᠤᠯᠠᠭᠠᠨ ᠢ 30℃ ᠣᠷᠴᠢᠮ ᠪᠠᠶᠢᠯᠭᠠᠨ᠎ᠠ᠃ ᠡᠮᠲᠦ ᠤᠬᠢᠶᠠᠯ ᠬᠢᠭᠰᠡᠨ ᠤ 6 ᠴᠠᠭ ᠤᠨ ᠰᠡᠭᠦᠯᠡᠷ ᠰᠠᠶ᠋ᠢ ᠲᠡᠵᠢᠭᠡᠬᠦ ᠪᠤᠶᠤ ᠪᠡᠯᠴᠢᠭᠡᠷᠯᠡᠭᠦᠯᠦᠨ᠎ᠡ᠃ ᠬᠤᠷᠤᠬᠠᠢ ᠲᠠᠭᠤᠬᠤ ᠠᠵᠢᠯ ᠢ ᠰᠠᠶᠢᠳᠤᠷ ᠬᠢᠬᠦ ᠬᠡᠷᠪᠡ ᠬᠠᠪᠤᠷ ᠬᠤᠷᠤᠬᠠᠢ ᠲᠠᠭᠤᠵᠤ ᠠᠮᠵᠢᠭᠰᠠᠨ ᠦᠭᠡᠢ ᠪᠣᠯ ᠵᠤᠨ ᠪᠡᠯᠴᠢᠭᠡᠷ ᠲᠤ ᠭᠠᠷᠭᠠᠬᠤ ᠠᠴᠠ ᠡᠮᠦᠨ᠎ᠡ ᠨᠢᠭᠡ ᠤᠳᠠᠭ᠎ᠠ ᠬᠤᠷᠤᠬᠠᠢ ᠶᠢ ᠳᠠᠭᠤᠨ᠎ᠠ᠃ ᠦᠷᠭᠦᠯᠵᠢ ᠬᠡᠷᠡᠭᠯᠡᠳᠡᠭ ᠬᠤᠷᠤᠬᠠᠢ ᠲᠠᠭᠤᠬᠤ ᠡᠮ ᠵᠢᠴᠢ ᠺᠢᠯᠣᠭ᠍ᠷᠠᠮ ᠪᠦᠷᠢ ᠪᠠᠶ᠎ᠡ ᠶᠢᠨ ᠬᠦᠨᠳᠦ ᠳᠤ ᠤᠤᠭᠤᠯᠭᠠᠬᠤ ᠡᠮ ᠤᠨ ᠭᠡᠮᠵᠢᠶ᠎ᠠ ᠨᠢ᠄ 15~20 ᠮᠢᠯᠢᠭᠷᠡᠮ ᠫᠷᠤᠫᠢᠯ ᠢᠮᠢᠳᠠᠽᠤᠯ ︵丙硫咪唑︶᠂ 8 ᠮᠢᠯᠢᠭᠷᠡᠮ ᠵᠡᠭᠦᠨᠰᠢ ᠡᠷᠭᠢᠯᠭᠡᠳᠤ ᠢᠮᠢᠳᠠᠽᠤᠯ ︵左旋咪唑︶᠂ 0.2 ᠮᠢᠯᠢᠯᠢᠲᠷ ᠬᠤᠷᠤᠬᠠᠢ ᠤᠰᠠᠳᠬᠠᠬᠤ ᠡᠮ ︵灭虫丁︶ ᠪᠤᠯᠤᠨ᠎ᠠ᠃ ᠬᠤᠷᠤᠬᠠᠢ ᠲᠠᠭᠤᠬᠤ ᠡᠮ ᠢ ᠭᠡᠷᠡᠭᠯᠡᠬᠦ ᠦᠶᠡᠰ᠂ ᠡᠮ ᠤᠨ ᠭᠡᠮᠵᠢᠶ᠎ᠠ ᠶᠢ ᠤᠨᠤᠪᠴᠢᠳᠠᠢ ᠪᠠᠶᠢᠯᠭᠠᠬᠤ ᠮᠦᠷᠳᠡᠭᠡᠨ ᠤᠷᠢᠳᠠᠪᠠᠷ ᠪᠠᠭ᠎ᠠ ᠰᠦᠷᠦᠭ ᠲᠤ ᠬᠤᠷᠣᠬᠠᠢ ᠲᠠᠭᠤᠬᠤ ᠲᠤᠷᠰᠢᠯᠲᠠ ᠬᠢᠵᠦ᠂ ᠳᠠᠷᠠᠭ᠎ᠠ ᠳᠤᠨᠢ ᠰᠠᠶ᠋ᠢ ᠪᠦᠬᠦ ᠰᠦᠷᠦᠭ ᠲᠤ ᠶᠠᠪᠤᠭᠳᠠᠭᠤᠯᠤᠨ᠎ᠠ᠃ ᠡᠷᠡᠭᠦᠯᠵᠢᠯ ᠤᠨ ᠡᠮ ᠤᠤᠭᠤᠯᠭᠠᠬᠤ ᠬᠤᠨᠢᠨ ᠤ ᠭᠡᠮ ᠬᠢᠵᠢᠭ ᠠᠴᠠ ᠨᠡᠩ ᠰᠠᠶᠢᠨ ᠰᠡᠷᠭᠡᠶᠢᠯᠡᠬᠦ ᠶᠢᠨ ᠳᠦᠯᠦᠭᠡ᠂ ᠵᠤᠨ ᠤ ᠤᠯᠠᠷᠢᠯ ᠳᠤ ᠡᠷᠡᠭᠦᠯᠵᠢᠯ ᠤᠨ ᠡᠪᠡᠰᠦᠨ ᠡᠮ ᠤᠤᠭᠤᠯᠭᠠᠵᠤ ᠪᠤᠯᠤᠨ᠎ᠠ᠃ ᠵᠢᠱᠢᠶᠠᠯᠠᠪᠠᠯ 25 ᠭᠷᠡᠮ ᠴᠡᠴᠡᠭ ᠤᠨ ᠲᠣᠭᠤᠰᠣ᠂ 25 ᠭᠷᠡᠮ ᠰᠢᠷ᠎ᠠ ᠰᠣᠯᠣᠩᠭ᠎ᠠ ᠴᠡᠴᠡᠭ᠂ 25 ᠭᠷᠡᠮ ᠰᠢᠷ᠎ᠠ ᠦᠨᠳᠦᠰᠦ᠂ 25 ᠭᠷᠡᠮ ᠬᠤᠨᠵᠢᠨ᠂ 25 ᠭᠷᠡᠮ ᠬᠤᠪᠣᠯᠣ᠂ 25 ᠭᠷᠡᠮ ᠵᠦᠷᠦᠷ᠎ᠠ᠂ 25 ᠭᠷᠡᠮ ᠠᠯᠳᠠᠨ ᠭᠠ ᠪᠤᠯᠤᠨ 15 ᠭᠷᠡᠮ ᠰᠢᠬᠢᠷ ᠡᠪᠡᠰᠦ ᠶᠢ ᠬᠠᠮᠲᠤ ᠬᠡᠮᠬᠡᠯᠵᠦ ᠤᠤᠭᠤᠯᠭᠠᠨ᠎ᠠ᠃ ᠬᠡᠷᠪᠡ ᠬᠤᠨᠢ ᠨᠢ ᠬᠤᠷᠭᠤᠰᠤ ᠬᠠᠲᠠᠵᠦ ᠪᠠᠶᠢᠪᠠᠯ ᠲᠡᠭᠡᠷ᠎ᠡ ᠨᠢ 10 ᠭᠷᠡᠮ ᠴᠠᠰᠤᠨ ᠴᠠᠭᠠᠨ ᠬᠤᠵᠢᠷ᠂ 25 ᠭᠷᠡᠮ ᠬᠢᠰᠢᠭᠦᠨᠡ ᠪᠣᠯᠣᠨ 30 ᠭᠷᠡᠮ ᠳᠡᠳ᠋ ᠬᠤᠲᠣᠭᠤᠴᠢᠨ ᠢ ᠨᠡᠮᠡᠵᠦ ᠳᠡᠭᠡᠷ᠎ᠡ ᠳᠤᠷᠠᠳᠤᠭᠰᠠᠨ ᠡᠮ ᠲᠠᠢ ᠬᠠᠮᠳᠤ ᠬᠡᠮᠬᠡᠯᠦᠭᠡᠳ ᠤᠤᠭᠤᠯᠭᠠᠨ᠎ᠠ᠃ |
|
ᠢᠷᠡᠯᠲᠡ᠄
ᠲᠣᠲᠣᠷᠬᠠᠢ ᠦᠭᠡᠢ
|