ᠬᠡᠭᠡᠯᠳᠤᠯᠭᠡ ᠶᠢᠨ  ᠬᠤᠭᠤᠴᠠᠭᠠᠨ ᠤ  ᠬᠤᠴᠠ ᠶᠢ ᠬᠡᠷᠬᠢᠨ  ᠲᠡᠵᠢᠭᠡᠬᠦ ᠪᠤᠢ
ᠨᠡᠶᠢᠲᠡᠯᠡᠭᠰᠡᠨ ᠴᠠᠭ᠄
2018/12/6

     ᠬᠡᠭᠡᠯᠳᠤᠯᠭᠡ ᠶᠢᠨ ᠬᠤᠭᠤᠴᠠᠭᠠᠨ ᠳᠤ ᠬᠤᠴᠠ ᠶᠢ ᠨᠡᠯᠢᠶᠡᠳ ᠰᠠᠶᠢᠨ ᠲᠡᠵᠢᠭᠡᠬᠦ ᠶᠢ ᠱᠠᠭᠠᠷᠳᠠᠵᠦ᠂ ᠬᠤᠨᠤᠭ ᠤᠨ ᠲᠡᠵᠢᠭᠡᠯ ᠳᠠᠬᠢ ᠪᠦᠳᠦᠭᠦᠯᠢᠭ ᠤᠭᠤᠷᠠᠭ ᠤᠨ ᠠᠭᠤᠯᠤᠭᠳᠠᠴᠠ ᠶᠢ 16~18% ᠳᠤ ᠬᠦᠷᠭᠡᠨ᠎ᠡ᠃ ᠬᠡᠭᠡᠯᠳᠦᠯᠭᠡ ᠶᠢᠨ ᠬᠤᠭᠤᠴᠠᠭᠠᠨ ᠤ ᠡᠳᠤᠷ ᠪᠦᠷᠢ ᠶᠢᠨ ᠪᠤᠷᠳᠤᠭᠠᠨ ᠤ ᠬᠡᠮᠵᠢᠶ᠎ᠡ ᠨᠢ᠄ ᠨᠠᠷᠢᠯᠢᠭ ᠬᠤᠯᠢᠮᠠᠭ ᠪᠤᠷᠳᠤᠭ᠎ᠠ 1.2~1.4 ᠺᠢᠯᠤᠭ᠍ᠷᠡᠮ᠂ ᠴᠠᠷᠭᠠᠰᠤᠨ ᠬᠠᠭᠤᠷᠠᠢ ᠡᠪᠡᠰᠦ 2 ᠺᠢᠯᠤᠭ᠍ᠷᠡᠮ᠂ ᠬᠤᠯᠤᠤᠪᠠᠩ 0.5~1.5 ᠺᠢᠯᠤᠭ᠍ᠷᠡᠮ᠂ ᠲᠠᠪᠤᠰᠦ 15~20 ᠭᠷᠡᠮ᠂ ᠶᠠᠰᠦᠨ ᠨᠤᠨᠳᠠᠭ 5~10 ᠭᠷᠡᠮ ᠢ 2~3 ᠤᠳᠠᠭ᠎ᠠ ᠬᠤᠪᠢᠶᠠᠨ ᠲᠡᠵᠢᠭᠡᠵᠦ᠂ ᠬᠦᠢᠴᠡᠳ ᠬᠡᠮᠵᠢᠶᠡᠨ ᠤ ᠤᠰᠦ ᠬᠠᠩᠭᠠᠨ᠎ᠠ᠃
     ᠬᠡᠭᠡᠯᠳᠦᠯᠭᠡ ᠶᠢᠨ ᠬᠤᠭᠤᠴᠠᠭᠠᠨ ᠳᠤ᠂  ᠡᠮ᠎ᠡ ᠬᠤᠨᠢ ᠶᠢᠨ ᠤᠷᠤᠭ᠎ᠠ ᠤᠷᠤᠬᠤ ᠨᠢ ᠬᠡᠰᠡᠭ ᠬᠤᠭᠤᠴᠠᠭᠠᠨ ᠳᠤ ᠨᠡᠯᠢᠶᠡᠳ ᠲᠦᠪᠯᠡᠷᠡᠬᠦ ᠲᠤᠯᠠ ᠡᠭᠦᠨ ᠢ ᠬᠡᠭᠡᠯ ᠤᠨ ᠤᠷᠭᠢᠯ ᠬᠤᠭᠤᠴᠠᠭ᠎ᠠ ᠭᠡᠨ᠎ᠡ᠃ ᠡᠨᠡ ᠦᠶᠡᠰ ᠬᠡᠭᠡᠯᠳᠤᠭᠡᠯᠭᠡ ᠶᠢᠨ ᠬᠦᠨᠳᠤ ᠡᠭᠦᠷᠭᠡ ᠲᠠᠢ ᠰᠢᠯᠢᠳᠡᠭ ᠬᠤᠴᠠ ᠶᠢ ᠲᠡᠵᠢᠭᠡᠬᠦ ᠡᠳᠤᠷ ᠪᠦᠷᠢ ᠶᠢᠨ ᠨᠠᠷᠢᠯᠢᠭ ᠬᠤᠯᠢᠮᠠᠭ ᠪᠤᠷᠳᠤᠭᠠᠨ ᠤ ᠬᠡᠮᠵᠢᠶ᠎ᠡ ᠶᠢ 1.5~2 ᠺᠢᠯᠤᠭ᠍ᠷᠡᠮ ᠪᠤᠯᠭᠠᠨ ᠲᠤᠬᠢᠷᠠᠭᠤᠯᠬᠤ ᠪᠦᠭᠡᠳ ᠬᠤᠨᠤᠭ ᠤᠨ ᠲᠡᠵᠢᠭᠡᠯ ᠳᠤ ᠪᠠᠰᠠ ᠠᠮᠢᠳᠠᠨ ᠤ ᠤᠭᠤᠷᠠᠭᠲᠤ ᠪᠤᠷᠳᠤᠭ᠎ᠠ᠂ ᠲᠠᠷᠤᠢ ᠦᠨᠳᠡᠭᠡ᠂ ᠮᠢᠬ᠎ᠠ ᠶᠠᠰᠦᠨ ᠤ ᠨᠤᠨᠳᠠᠭ᠂ ᠬᠦᠷᠢ ᠶᠢᠨ ᠬᠡᠤᠬᠡᠯᠳᠠᠢ ᠶᠢᠨ ᠨᠤᠨᠳᠠᠭ ᠵᠡᠷᠭᠡ ᠶᠢ ᠨᠡᠮᠡᠵᠦ᠂ ᠬᠤᠴᠠ ᠶᠢᠨ ᠦᠷ᠎ᠡ ᠶᠢᠨ ᠰᠢᠩᠭᠡᠨ ᠤ ᠴᠢᠨᠠᠷ ᠤᠨ ᠰᠠᠶᠢᠨ ᠪᠠᠶᠢᠬᠤ ᠶᠢ ᠪᠠᠲᠤᠯᠠᠨ᠎ᠠ᠃
     ᠵᠤᠨ ᠤ ᠤᠯᠠᠷᠢᠯ ᠳᠤ ᠬᠦᠬᠡ ᠡᠪᠡᠰᠦ ᠰᠠᠬᠤᠯᠠᠭ᠂ ᠸᠢᠲ᠋ᠠᠮᠢᠨ ᠡᠯᠪᠡᠭ ᠪᠤᠯᠪᠠᠴᠦ ᠬᠦᠬᠡ ᠡᠪᠡᠰᠦᠨ ᠳᠤ ᠤᠰᠤᠨ ᠤ ᠠᠭᠤᠯᠤᠭᠳᠠᠴᠠ ᠨᠡᠯᠢᠶᠡᠳ ᠦᠨᠳᠤᠷ ᠲᠤᠯᠠ ᠵᠢᠭᠠᠬᠠᠨ ᠬᠠᠲᠠᠭᠠᠵᠦ ᠪᠠᠶᠢᠭᠠᠳ ᠲᠡᠵᠢᠭᠡᠪᠡᠯ ᠬᠤᠴᠠ ᠶᠢᠨ ᠬᠡᠳᠤᠷᠬᠡᠢ ᠤᠯᠠᠨ ᠬᠦᠬᠡ ᠡᠪᠡᠰᠦ ᠢᠳᠡᠰᠢᠯᠡᠭᠰᠡᠨ ᠠᠴᠠ ᠪᠤᠯᠵᠤ ᠬᠡᠳᠡᠰᠦ ᠭᠦᠵᠡᠭᠡ ᠨᠢ ᠬᠥᠭᠡᠭᠡᠵᠦ᠂ ᠦᠷ᠎ᠡ ᠠᠪᠬᠤ ᠶᠢ ᠨᠦᠯᠦᠭᠡᠯᠡᠬᠦ ᠠᠴᠠ ᠵᠠᠶᠢᠯᠠᠰᠬᠢᠵᠦ ᠴᠢᠳᠠᠨ᠎ᠠ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
Baidu
map