|
ᠢᠳᠡᠰᠢᠨ ᠦᠬᠡᠷ ᠢ ᠲᠡᠵᠢᠭᠡᠬᠦ ᠳᠤ ᠭᠤᠷᠪᠠᠨ ᠵᠠᠩᠭᠢᠯᠠᠭ᠎ᠠ ᠶᠢᠨ ᠴᠡᠭ ᠢ ᠠᠳᠬᠤᠪᠠᠯ ᠢᠯᠡᠭᠦᠦ ᠵᠤᠭᠤᠰ ᠣᠯᠬᠤ ᠪᠤᠯᠤᠨ᠎ᠠ |
|
|
ᠨᠡᠶᠢᠲᠡᠯᠡᠭᠰᠡᠨ ᠴᠠᠭ᠄
2018/12/6
|
|
ᠢᠳᠡᠰᠢᠨ ᠦᠬᠡᠷ ᠢ ᠲᠡᠵᠢᠭᠡᠬᠦ ᠶᠠᠪᠤᠴᠠ ᠳᠤ ᠵᠦᠪᠭᠡᠨ ᠭᠤᠤᠯᠳᠠᠯᠭ᠎ᠠ ᠶᠢ ᠠᠳᠬᠤᠪᠠᠯ ᠰᠠᠶ᠋ᠢ ᠦᠰᠤᠯᠲᠠ ᠶᠢᠨ ᠬᠤᠷᠳᠤᠴᠠ ᠶᠢ ᠬᠠᠮᠤᠭ ᠤᠨ ᠶᠡᠭᠡᠪᠡᠷ ᠳᠡᠭᠡᠭᠰᠢᠯᠡᠭᠦᠯᠵᠦ᠂ ᠭᠡᠮᠨᠡᠯᠲᠠ ᠶᠢ ᠪᠠᠭᠠᠰᠬᠠᠨ᠂ ᠬᠠᠰᠢᠶᠠᠨ ᠠᠴᠠ ᠤᠷᠢᠳᠴᠢᠯᠠᠨ ᠭᠠᠷᠭᠠᠬᠤ ᠶᠢ ᠪᠡᠶᠡᠯᠡᠭᠦᠯᠬᠦ ᠪᠠ ᠲᠡᠵᠢᠭᠡᠨ ᠦᠷᠡᠵᠢᠭᠦᠯᠬᠦ ᠦᠷ᠎ᠡ ᠠᠰᠢᠭ ᠢ ᠨᠡᠮᠡᠭᠳᠡᠭᠦᠯᠬᠦ ᠵᠣᠷᠢᠯᠭ᠎ᠠ ᠳᠤ ᠬᠦᠷᠴᠦ ᠴᠢᠳᠠᠨ᠎ᠠ᠃ ᠭᠡᠪᠡᠴᠦ ᠤᠯᠠᠩᠬᠢ ᠲᠡᠵᠢᠭᠡᠨ ᠦᠷᠡᠵᠢᠭᠦᠯᠬᠦ ᠡᠷᠦᠭᠡ ᠢᠳᠡᠰᠢᠨ ᠦᠬᠡᠷ ᠢ ᠲᠡᠵᠢᠭᠡᠬᠦ ᠡᠨᠡᠬᠦ ᠵᠠᠩᠬᠢᠯᠠᠭ᠎ᠠ ᠶᠢ ᠳᠡᠮᠡᠢ ᠰᠠᠶᠢᠨ ᠤᠶᠢᠯᠠᠭᠠᠡᠡᠰᠠᠠ ᠦᠭᠡᠢ ᠠᠴᠠ ᠴᠠᠭ ᠬᠦᠯᠦᠰᠦ ᠵᠠᠷᠤᠴᠠᠭᠤᠯᠤᠭᠰᠠᠨ ᠪᠤᠯᠪᠠᠴᠦ ᠢᠳᠡᠰᠢᠨ ᠦᠬᠡᠷ ᠢ ᠰᠠᠶᠢᠬᠠᠨ ᠲᠠᠵᠢᠭᠡᠵᠦ ᠴᠢᠳᠠᠭᠰᠠᠨ ᠦᠭᠡᠢ ᠪᠠᠶᠢᠨ᠎ᠠ᠃ ᠳᠤᠤᠷ᠎ᠠ ᠢᠳᠡᠰᠢᠨ ᠦᠬᠡᠷ ᠢ ᠲᠡᠵᠢᠭᠡᠬᠦ ᠭᠤᠷᠪᠠᠨ ᠵᠠᠩᠬᠢᠯᠠᠭ᠎ᠠ ᠠᠴᠠ ᠲᠠᠨᠢᠯᠴᠠᠭᠤᠯᠵᠦ᠂ ᠲᠠᠨᠠᠷ ᠲᠤ ᠬᠠᠪᠰᠤᠷᠤᠮᠵᠢ ᠪᠣᠯᠬᠤ ᠳᠤ ᠵᠤᠷᠢᠭᠤᠯᠪᠠ︕ ᠨᠢᠭᠡ᠂ ᠲᠤᠭᠤᠯ ᠢ ᠰᠦ ᠠᠴᠠ ᠰᠠᠯᠭᠠᠬᠤ ᠵᠠᠩᠬᠢᠯᠠᠭ᠎ᠠ ᠲᠤᠭᠤᠯ ᠢ ᠰᠦ ᠠᠴᠠ ᠰᠠᠯᠭᠠᠬᠤ ᠪᠡᠶ᠎ᠡ ᠶᠢᠨ ᠬᠦᠨᠳᠦ᠂ ᠰᠦ ᠠᠴᠠ ᠰᠠᠯᠭᠠᠭᠰᠠᠨ ᠤ ᠰᠡᠭᠦᠯᠡᠷᠬᠢ ᠵᠤᠬᠢᠴᠠᠬᠤ ᠴᠢᠳᠠᠪᠤᠷᠢ ᠨᠢ ᠰᠡᠭᠦᠯᠴᠢ ᠶᠢᠨ ᠦᠰᠦᠯᠲᠡ ᠪᠤᠶᠢᠵᠢᠯᠲᠠ ᠶᠢᠨ ᠬᠤᠷᠳᠤᠴᠠ ᠶᠢ ᠰᠢᠭᠤᠳ ᠨᠦᠯᠦᠭᠡᠯᠡᠬᠦ ᠲᠤᠯᠠ ᠡᠷᠭᠡᠪᠰᠢ ᠰᠢᠨᠵᠢᠯᠡᠬᠦ ᠤᠬᠠᠭᠠᠨᠴᠢ ᠪᠠᠷ ᠰᠦ ᠠᠴᠠ ᠰᠠᠯᠭᠠᠵᠦ᠂ ᠰᠦ ᠠᠴᠠ ᠵᠤᠬᠢᠰᠲᠠᠢ ᠰᠠᠯᠭᠠᠨ᠎ᠠ᠃ ᠰᠦ ᠠᠴᠠ ᠨᠢ ᠬᠡᠲᠦᠷᠭᠡᠢ ᠡᠷᠲᠡ ᠰᠠᠯᠭᠠᠪᠠᠯ ᠲᠤᠭᠤᠯ ᠤᠨ ᠪᠡᠶ᠎ᠡ ᠳᠤᠷᠤᠢ ᠪᠣᠯᠬᠤ ᠪᠦᠭᠡᠳ ᠬᠦᠵᠡᠭᠡᠨ ᠤ ᠪᠤᠶᠢᠵᠢᠯᠲᠠ ᠪᠦᠷᠢᠨ ᠦᠭᠡᠢ ᠪᠤᠯᠵᠦ᠂ ᠡᠰᠡᠷᠭᠦᠴᠡᠬᠦ ᠬᠦᠴᠦᠨ ᠨᠢ ᠶᠡᠭᠡᠪᠡᠷ ᠳᠤᠷᠤᠭᠰᠢᠯᠠᠬᠤ ᠪᠠ ᠦᠰᠤᠯᠲᠠ ᠶᠢᠨ ᠬᠤᠷᠳᠤᠴᠠ ᠤᠳᠠᠭᠠᠰᠢᠷᠠᠬᠤ ᠵᠡᠷᠭᠡ ᠠᠰᠠᠭᠤᠳᠠᠯ ᠢᠯᠡᠷᠡᠨ᠎ᠡ︔ ᠰᠦ ᠠᠴᠠ ᠨᠢ ᠬᠡᠲᠦᠷᠭᠡᠢ ᠤᠷᠤᠢ ᠰᠠᠯᠭᠠᠪᠠᠯ ᠦᠨᠢᠶᠡᠨ ᠰᠦ ᠳᠠᠬᠢ ᠰᠢᠮ᠎ᠡ ᠲᠡᠵᠢᠭᠡᠯ ᠨᠢ ᠶᠡᠬᠡᠪᠡᠷ ᠳᠤᠷᠤᠭᠰᠢᠯᠠᠬᠤ ᠲᠤᠯᠠ ᠠᠳᠠᠯᠢᠬᠠᠨ ᠲᠤᠭᠤᠯ ᠤᠨ ᠬᠡᠪ ᠤᠨ ᠦᠰᠦᠯᠲᠠ ᠪᠤᠶᠢᠵᠢᠯᠲᠠ ᠶᠢ ᠨᠦᠯᠦᠭᠡᠯᠡᠬᠦ ᠮᠦᠷᠲᠡᠭᠡᠨ ᠦᠨᠢᠶ᠎ᠡ ᠶᠢᠨ ᠬᠡᠪ ᠤᠨ ᠦᠷᠡᠵᠢᠯᠲᠠ ᠶᠢᠨ ᠦᠶᠡᠯᠡᠯ ᠢ ᠬᠤᠶᠢᠰᠢᠯᠠᠭᠤᠯᠬᠤ ᠪᠤᠯᠤᠨ᠎ᠠ᠃ ᠡᠩ ᠤᠨ ᠪᠠᠶᠢᠳᠠᠯ ᠳᠤᠤᠷ᠎ᠠ᠂ ᠲᠤᠭᠤᠯ ᠢ 3~6 ᠰᠠᠷ᠎ᠠ ᠰᠦ ᠬᠦᠬᠦᠭᠦᠯᠬᠦ ᠮᠦᠷᠲᠡᠭᠡᠨ ᠪᠡᠶ᠎ᠡ ᠶᠢᠨ ᠬᠦᠨᠳᠦ ᠨᠢ ᠪᠡᠶ᠎ᠡ ᠬᠦᠢᠴᠡᠭᠰᠡᠨ ᠦᠬᠡᠷ ᠤᠨ 20% ᠤᠷᠴᠢᠮ ᠪᠣᠯᠬᠤ ᠳᠤ ᠰᠦ ᠠᠴᠠ ᠰᠠᠯᠭᠠᠪᠠᠯ ᠬᠠᠮᠤᠭ ᠤᠨ ᠲᠤᠬᠢᠷᠠᠮᠵᠢᠲᠠᠢ ᠶᠤᠮ᠃ ᠰᠦ ᠠᠴᠠ ᠰᠠᠯᠭᠠᠬᠤ ᠥᠶ᠎ᠡ ᠶᠢᠨ ᠰᠡᠷᠡᠯᠵᠢᠯ ᠢ ᠪᠠᠭᠠᠰᠬᠠᠬᠤ ᠬᠢᠭᠡᠳ ᠡᠬᠡ ᠦᠨᠢᠶ᠎ᠡ ᠶᠢᠨ ᠬᠦᠬᠦᠭᠦᠯᠬᠦ ᠳᠠᠷᠤᠯᠲᠠ ᠶᠢ ᠪᠠᠭᠠᠰᠬᠠᠬᠤ ᠶᠢᠨ ᠲᠦᠯᠦᠭᠡ᠂ ᠲᠤᠭᠤᠯ ᠢ 2~3 ᠭᠠᠷᠠᠭ ᠪᠤᠯᠪᠠᠯ ᠳᠠᠷᠤᠢ ᠵᠠᠷᠢᠮ ᠰᠢᠯᠢᠳᠡᠭ ᠡᠪᠡᠰᠦ ᠪᠤᠷᠳᠤᠭ᠎ᠠ ᠨᠦᠬᠦᠪᠦᠷᠢᠯᠡᠵᠦ ᠲᠠᠵᠢᠭᠡᠬᠦ ᠪᠠ ᠤᠰᠤᠯᠠᠵᠦ᠂ ᠬᠦᠵᠡᠭᠡᠨ ᠤ ᠪᠤᠶᠢᠵᠢᠯᠲᠠ ᠶᠢ ᠲᠦᠷᠭᠡᠳᠭᠡᠨ᠎ᠠ᠃ ᠲᠤᠭᠤᠯ ᠨᠢ 2 ᠰᠠᠷ᠎ᠠ ᠪᠣᠯᠪᠠᠯ ᠡᠪᠡᠰᠦ ᠪᠣᠷᠳᠤᠭ᠎ᠠ ᠶᠢ ᠨᠢᠭᠡᠨᠲᠡ ᠢᠳᠡᠭ ᠢᠳᠡᠭ ᠢᠶᠠᠷ ᠢᠳᠡᠰᠢᠯᠡᠵᠦ ᠳᠠᠳᠬᠤ ᠲᠤᠯᠠ ᠡᠨᠡ ᠦᠶᠡᠰ ᠬᠦᠮᠦᠨ ᠤ ᠬᠦᠴᠦ ᠪᠠᠷ ᠤᠬᠵᠢᠵᠦ ᠰᠦ ᠠᠴᠠ ᠨᠢ ᠡᠷᠲᠡ ᠰᠠᠯᠭᠠᠬᠤ ᠪᠡᠯᠡᠳᠭᠡᠯ ᠬᠢᠨ᠎ᠡ᠃ ᠬᠦᠮᠦᠨ ᠤ ᠬᠦᠴᠦ ᠪᠠᠷ ᠤᠬᠵᠢᠬᠤ ᠪᠠᠷ ᠳᠠᠮᠵᠢᠵᠦ ᠲᠤᠭᠤᠯ ᠤᠨ ᠬᠦᠬᠦᠬᠦ ᠤᠳᠠᠭ᠎ᠠ ᠬᠢᠭᠡᠳ ᠬᠡᠮᠵᠢᠶ᠎ᠡ ᠶᠢ ᠪᠠᠭᠠᠰᠬᠠᠨ᠎ᠠ᠂ ᠡᠬᠢᠨ ᠳᠡᠭᠡᠨ ᠡᠳᠦᠷ ᠪᠦᠷᠢ 1 ᠤᠳᠠᠭ᠎ᠠ ᠬᠦᠬᠦᠭᠦᠯᠦᠨ᠂ 3~5 ᠡᠳᠦᠷ ᠤᠨ ᠰᠡᠭᠦᠯᠡᠷ 2 ᠡᠳᠦᠷ ᠲᠤ 1 ᠤᠳᠠᠭ᠎ᠠ ᠬᠦᠬᠦᠭᠦᠯᠦᠨ᠂ 6~8 ᠡᠳᠦᠷ ᠪᠤᠯᠪᠠᠯ 3 ᠡᠳᠦᠷ ᠲᠤ ᠨᠢᠭᠡ ᠤᠳᠠᠭ᠎ᠠ ᠬᠦᠬᠦᠭᠦᠯᠬᠦ ᠪᠤᠯᠭᠠᠨ᠎ᠠ᠃ ᠲᠤᠭᠤᠯ ᠦᠨᠳᠦᠰᠦᠨ ᠳᠡᠭᠡᠨ ᠡᠪᠡᠰᠦ ᠪᠤᠷᠳᠤᠭ᠎ᠠ ᠢᠳᠡᠰᠢᠯᠡᠵᠦ ᠰᠢᠮ᠎ᠡ ᠲᠡᠵᠢᠭᠡᠯ ᠣᠯᠪᠠᠯ ᠡᠬᠡ ᠦᠨᠢᠶ᠎ᠡ ᠠᠴᠠ ᠬᠠᠰᠢᠶ᠎ᠠ ᠰᠠᠯᠭᠠᠵᠦ ᠰᠦ ᠠᠴᠠ ᠨᠢ ᠰᠠᠯᠭᠠᠨ᠎ᠠ᠃ ᠲᠤᠭᠤᠯ ᠢ ᠰᠦ ᠠᠴᠠ ᠨᠢ ᠰᠠᠯᠭᠠᠭᠰᠠᠨ ᠤ ᠰᠡᠭᠦᠯᠡᠷ ᠰᠢᠯᠢᠳᠡᠭ ᠡᠪᠡᠰᠦ ᠪᠤᠷᠳᠤᠭ᠎ᠠ ᠦᠭᠴᠦ ᠲᠡᠵᠢᠭᠡᠨ᠂ ᠨᠤᠭᠤᠭᠠᠨ ᠰᠢᠭᠦᠰᠦᠯᠢᠭ ᠪᠤᠷᠳᠤᠭ᠎ᠠ ᠲᠤᠬᠢᠷᠠᠮᠵᠢᠲᠠᠢ ᠨᠦᠬᠦᠪᠦᠷᠢᠯᠡᠨ ᠲᠡᠵᠢᠭᠡᠬᠦ ᠶᠢᠨ ᠬᠠᠮᠲᠦ ᠮᠢᠺᠷᠤᠪ ᠨᠠᠶᠢᠷᠠᠯᠭ᠎ᠠ ᠶᠢ ᠴᠠᠭ ᠲᠤᠭᠲᠠᠭᠠᠨ ᠨᠡᠮᠡᠵᠦ ᠪᠠᠶᠢᠭᠠᠳ ᠮᠢᠺᠷᠣᠪ ᠤᠨ ᠪᠦᠯᠦᠭ ᠤᠨ ᠪᠤᠶᠢᠵᠢᠯᠲᠠ ᠶᠢ ᠠᠬᠢᠭᠤᠯᠤᠨ᠂ ᠰᠢᠩᠭᠡᠭᠡᠯᠲᠠ ᠶᠢ ᠰᠠᠶᠢᠵᠢᠷᠠᠭᠤᠯᠵᠦ᠂ ᠬᠤᠶᠢᠰᠢᠳᠡ ᠶᠢᠨ ᠪᠡᠶ᠎ᠡ ᠪᠦᠳᠦᠭᠦᠨ ᠲᠤᠮᠤ ᠪᠤᠯᠵᠦ ᠲᠦᠷᠭᠡᠨ ᠥᠰᠬᠦ ᠳᠤ ᠰᠠᠭᠤᠷᠢ ᠶᠢ ᠲᠠᠯᠪᠢᠨ᠎ᠠ᠃ ᠬᠤᠶᠠᠷ᠂ ᠢᠳᠡᠰᠢᠨ ᠦᠬᠡᠷ ᠪᠤᠷᠳᠤᠬᠤ ᠶᠢᠨ ᠵᠠᠩᠭᠢᠯᠠᠭ᠎ᠠ 1. ᠡᠭᠦᠯᠳᠡᠷ ᠢ ᠰᠤᠩᠭᠤᠬᠤ ᠪᠤᠷᠳᠤᠬᠤ ᠢᠳᠡᠰᠢᠨ ᠦᠬᠡᠷ ᠢ ᠰᠤᠩᠭᠤᠬᠤ ᠳᠤ ᠦᠰᠦᠯᠲᠠ ᠬᠤᠷᠳᠤᠨ᠂ ᠠᠮᠠᠷᠬᠠᠨ ᠳᠠᠳᠬᠤ᠂ ᠮᠢᠬ᠎ᠠ ᠠᠷᠪᠢᠨ ᠭᠠᠷᠬᠤ ᠬᠢᠭᠡᠳ ᠮᠢᠠᠬᠨ ᠤ ᠴᠢᠨᠠᠷ ᠰᠠᠶᠢᠨ ᠡᠷᠯᠢᠰᠨ ᠦᠬᠡᠷ ᠢ ᠰᠤᠩᠭᠤᠪᠠᠯ ᠵᠤᠬᠢᠨ᠎ᠠ᠂ ᠵᠢᠱᠢᠶᠡᠯᠡᠪᠡᠯ ᠰᠢᠮᠧᠨ᠋ᠳᠠᠷ ᠦᠬᠡᠷ᠂ ᠴᠠᠷᠣᠯᠧᠰ ᠦᠭᠡᠷ᠂ ᠯᠢᠮᠦ᠋ᠽᠠᠨ ᠦᠬᠡᠷ᠂ ᠠᠩᠬᠢᠰ ᠦᠬᠡᠷ ᠬᠢᠭᠡᠳ ᠫᠢᠶᠧᠮᠤᠨᠲ᠋ᠧ ︵皮埃蒙特︶ ᠦᠬᠡᠷ ᠵᠡᠷᠭᠡ᠃ ᠪᠠᠰᠠ ᠲᠠᠷᠭᠤ ᠳᠤᠮᠳᠠ ᠵᠡᠷᠭᠡ ᠶᠢᠨ᠂ ᠡᠷᠡᠭᠦᠯ ᠭᠡᠮ ᠦᠭᠡᠢ ᠦᠬᠡᠷ ᠢ ᠰᠤᠩᠭᠤᠵᠦ ᠣᠬᠤᠷ ᠬᠤᠭᠤᠴᠠᠭᠠᠨ ᠳᠤ ᠪᠤᠷᠳᠤᠬᠤ ᠪᠣᠶᠤ ᠬᠠᠷᠢᠭᠤᠯᠵᠤ ᠪᠤᠷᠳᠤᠪᠠᠯ ᠪᠠᠰᠠ ᠨᠡᠯᠢᠶᠡᠳ ᠰᠠᠶᠢᠨ ᠦᠷ᠎ᠡ ᠳ᠋ᠦᠩ ᠳᠤ ᠬᠦᠷᠴᠤ ᠴᠢᠳᠠᠨ᠎ᠠ᠃ 2. ᠬᠠᠷᠢᠭᠤᠯᠤᠨ ᠬᠠᠮᠢᠶᠠᠷᠬᠤ ᠢᠳᠡᠰᠢᠨ ᠦᠬᠡᠷ ᠢ ᠪᠤᠷᠳᠤᠬᠤ ᠠᠴᠠ ᠡᠮᠦᠨ᠎ᠡ ᠨᠦᠬᠦᠴᠡᠯ ᠲᠠᠢ ᠪᠣᠯ ᠤᠷᠢᠳᠠᠪᠠᠷ 2~3 ᠰᠠᠷ᠎ᠠ ᠬᠠᠷᠢᠭᠤᠯᠤᠨ᠎ᠠ᠂ ᠢᠩᠬᠢᠪᠡᠯ ᠬᠡᠰᠡᠭ ᠪᠣᠷᠳᠤᠭ᠎ᠠ ᠶᠢᠨ ᠪᠡᠯᠨ ᠶᠢ ᠠᠷᠪᠢᠯᠠᠬᠤ ᠮᠥᠷᠲᠡᠭᠡᠨ ᠪᠠᠰᠠ ᠢᠳᠡᠰᠢᠨ ᠦᠬᠡᠷ ᠤᠨ ᠪᠡᠶ᠎ᠡ ᠬᠢᠭᠡᠳ ᠠᠷᠤᠭ ᠶᠠᠰᠤᠨ ᠤ ᠦᠰᠦᠯᠲᠠ ᠶᠢ ᠠᠬᠢᠭᠤᠯᠵᠦ ᠴᠢᠳᠠᠨ᠎ᠠ᠂ ᠬᠡᠯᠡᠯᠭᠡᠨ ᠦᠭᠡᠢ ᠳᠤᠮᠳᠠ ᠰᠡᠭᠦᠯᠴᠢ ᠶᠢᠨ ᠬᠤᠭᠤᠴᠠᠭᠠᠨ ᠳᠤ ᠬᠠᠰᠢᠶᠠᠯᠠᠵᠦ ᠲᠡᠵᠢᠭᠡᠬᠦ ᠨᠢ ᠲᠠᠭᠠᠷᠠᠨ᠎ᠠ᠃ ᠬᠡᠲᠦᠷᠭᠡᠢ ᠬᠦᠢᠲᠡᠨ ᠬᠡᠲᠦᠷᠭᠡᠢ ᠬᠠᠯᠠᠭᠤᠨ ᠳᠤ ᠢᠳᠡᠰᠢᠨ ᠦᠬᠡᠷ ᠢ ᠬᠠᠷᠢᠭᠤᠯᠬᠤ ᠳᠤ ᠲᠤᠬᠢᠷᠠᠬᠤ ᠦᠭᠡᠢ᠂ ᠶᠡᠷᠦ ᠳᠡᠭᠡᠨ ᠬᠠᠪᠤᠷ ᠨᠠᠮᠤᠷ ᠤᠨ ᠤᠯᠠᠷᠢᠯ ᠳᠤ ᠬᠠᠷᠢᠭᠤᠯᠪᠠᠯ ᠬᠠᠮᠤᠭ ᠤᠨ ᠲᠤᠬᠢᠷᠠᠮᠵᠢᠲᠠᠢ ᠪᠠᠶᠢᠳᠠᠭ᠃ 3. ᠦᠷᠡᠵᠢᠭᠦᠯᠬᠦ ᠠᠷᠭ᠎ᠠ ᠢᠳᠡᠰᠢᠨ ᠦᠬᠡᠷ ᠢ ᠪᠤᠷᠳᠤᠬᠤ ᠬᠤᠭᠤᠴᠠᠭᠠᠨ ᠳᠤ ᠬᠥᠬᠡ ᠪᠠᠷ ᠳᠠᠷᠤᠰᠢᠭᠤᠯᠤᠭᠰᠠᠨ ᠡᠰᠢ ᠰᠦᠷᠡᠯ᠂ ᠰᠢᠭᠠᠷᠤ ᠵᠡᠷᠭᠡ ᠪᠤᠷᠳᠤᠭ᠎ᠠ ᠪᠠᠷ ᠭᠤᠤᠯᠯᠠᠭᠤᠯᠤᠨ ᠲᠡᠵᠢᠭᠡᠨ᠎ᠡ᠂ ᠡᠶᠢᠮᠦᠷᠬᠦ ᠪᠤᠷᠳᠤᠭ᠎ᠠ ᠶᠢᠨ ᠰᠢᠮ᠎ᠡ ᠲᠡᠵᠢᠭᠡᠯ ᠤᠨ ᠦᠷᠲᠡᠭ ᠨᠢ ᠶᠡᠷᠦ ᠳᠡᠭᠡᠨ ᠬᠠᠭᠤᠷᠠᠢ ᠡᠰᠢ ᠰᠦᠷᠡᠯ᠂ ᠳᠤᠲᠤᠷᠭᠠᠨ ᠰᠦᠷᠡᠯ ᠵᠡᠷᠭᠡ ᠠᠴᠠ ᠦᠨᠳᠦᠷ ᠪᠠᠶᠢᠵᠦ᠂ ᠢᠳᠡᠭᠦᠰᠢ ᠴᠢᠨᠠᠷ ᠨᠢ ᠪᠠᠰᠠ ᠨᠡᠯᠢᠶᠡᠳ ᠰᠠᠶᠢᠨ ᠪᠠᠶᠢᠳᠠᠭ ᠠᠴᠠ ᠢᠳᠡᠰᠢᠨ ᠦᠬᠡᠷ ᠤᠨ ᠢᠳᠡᠰᠢᠯᠡᠬᠦ ᠳᠤᠷᠠᠰᠢᠯ ᠢ ᠨᠡᠮᠡᠭᠳᠡᠭᠦᠯᠵᠦ ᠴᠢᠳᠠᠨ᠎ᠠ᠃ ᠬᠠᠮᠲᠤ ᠳᠤᠨᠢ ᠢᠳᠡᠰᠢᠨ ᠦᠬᠡᠷ ᠤᠨ ᠦᠰᠦᠯᠲᠠ ᠶᠢᠨ ᠪᠠᠶᠢᠳᠠᠯ ᠢ ᠦᠨᠳᠦᠰᠦᠯᠡᠵᠦ ᠨᠠᠷᠢᠯᠢᠭ ᠪᠤᠷᠳᠤᠭ᠎ᠠ ᠶᠢ ᠵᠤᠬᠢᠰᠲᠠᠢ ᠨᠡᠮᠡᠵᠦ ᠲᠡᠵᠢᠭᠡᠨ᠎ᠡ᠂ ᠲᠡᠵᠢᠭᠡᠬᠦ ᠬᠡᠮᠵᠢᠶ᠎ᠡ ᠶᠢ ᠶᠡᠷᠦ ᠳᠡᠭᠡᠨ ᠦᠬᠡᠷ ᠤᠨ ᠪᠡᠶ᠎ᠡ ᠶᠢᠨ ᠬᠦᠨᠳᠦ ᠶᠢᠨ 0.8~1.3% ᠶᠢ ᠡᠵᠡᠯᠡᠭᠦᠯᠦᠨ᠎ᠡ᠃ ᠨᠠᠷᠢᠯᠢᠭ ᠪᠤᠷᠳᠤᠭᠠᠨ ᠤ ᠯᠠᠪᠯᠠᠯᠲᠠ ᠶᠢᠨ ᠨᠠᠶᠢᠷᠠᠯᠭ᠎ᠠ ᠨᠢ᠄ ᠡᠷᠳᠡᠨᠢ ᠰᠢᠰᠢ 62%᠂ ᠪᠤᠷᠴᠠᠭ ᠤᠨ ᠰᠢᠭᠠᠷᠤ 22%᠂ ᠪᠤᠭᠤᠳᠠᠢ ᠶᠢᠨ ᠬᠡᠪᠡᠭ 8%᠂ ᠤᠷᠢᠳᠠᠯ ᠬᠤᠯᠢᠭᠰᠠᠨ ᠪᠤᠷᠳᠤᠭ᠎ᠠ ︵预混料︶ 4%᠂ ᠢᠳᠡᠰᠢᠨ ᠤ ᠳᠠᠪᠤᠰᠤ 0.8%᠂ ᠨᠡᠭᠦᠷᠡᠰᠦᠬᠦ᠋ᠴᠢᠯ ᠤᠨ ᠤᠰᠤᠲᠦ᠋ᠷᠤᠭ᠍ᠴᠢᠲᠦ ᠺᠠᠯᠼ 1.2%᠂ ᠨᠡᠭᠦᠷᠡᠰᠦᠬᠦ᠋ᠴᠢᠯ ᠤᠨ ᠤᠰᠤᠲᠦ᠋ᠷᠤᠭ᠍ᠴᠢᠲᠦ ᠨᠠᠲᠷᠢ 2% ᠪᠤᠯᠤᠨ᠎ᠠ᠃ 4. ᠬᠦᠨᠳᠦ ᠶᠢ ᠨᠡᠮᠡᠭᠳᠡᠭᠦᠯᠬᠦ ᠡᠳ᠋ ︵增重剂︶ ᠪᠤᠷᠳᠤᠭᠠᠨ ᠳᠤ ᠭᠦᠵᠡᠭᠡᠨ ᠤ ᠡᠳ᠋ ︵瘤胃素︶ ᠢ ᠨᠡᠮᠡᠵᠦ ᠬᠦᠨᠳᠦ ᠶᠢ ᠨᠡᠮᠡᠭᠳᠡᠭᠦᠯᠬᠦ ᠡᠳ᠋ ᠪᠤᠯᠭᠠᠵᠦ ᠪᠠᠶᠢᠭᠠᠳ ᠢᠳᠡᠰᠢᠨ ᠦᠬᠡᠷ ᠤᠨ ᠰᠢᠮ᠎ᠡ ᠲᠡᠵᠢᠭᠡᠯᠲᠦ ᠪᠤᠳᠠᠰ ᠢ ᠰᠢᠩᠭᠡᠭᠡᠵᠦ ᠪᠤᠯᠪᠠᠰᠤᠷᠠᠬᠤ ᠶᠢ ᠠᠬᠢᠭᠤᠯᠵᠦ ᠪᠤᠯᠤᠨ᠎ᠠ᠃ ᠡᠭᠦᠨ ᠠᠴᠠ ᠭᠠᠳᠠᠨ᠎ᠠ᠂ ᠲᠤᠭᠲᠠᠮᠠᠯ ᠬᠤᠭᠤᠴᠠᠭ᠎ᠠ ᠪᠠᠷ ᠬᠤᠳᠤᠭᠤᠳᠤ ᠶᠢ ᠰᠠᠶᠢᠵᠢᠷᠠᠭᠤᠯᠵᠦ ᠦᠬᠡᠷ ᠤᠨ ᠰᠠᠶᠢᠨ ᠢᠳᠡᠰᠢᠯᠡᠬᠦ ᠶᠢ ᠪᠠᠲᠤᠯᠠᠨ᠎ᠠ᠃ 5. ᠭᠡᠮ ᠬᠢᠵᠢᠭ ᠢ ᠰᠡᠷᠭᠡᠶᠢᠯᠡᠨ ᠵᠠᠰᠠᠬᠤ ᠭᠡᠮ ᠬᠢᠵᠢᠭ ᠠᠴᠠ ᠰᠡᠷᠭᠡᠶᠢᠯᠡᠬᠦ ᠳᠡᠰ ᠳᠠᠷᠠᠭ᠎ᠠ ᠬᠢᠭᠡᠳ ᠬᠤᠷᠤᠬᠠᠢ ᠲᠠᠭᠤᠬᠤ ᠲᠦᠰᠦᠪ ᠲᠤᠭᠲᠠᠭᠠᠬᠤ ᠪᠦᠭᠡᠳ ᠴᠢᠩᠭ᠎ᠠ ᠬᠡᠷᠡᠭᠵᠢᠭᠦᠯᠵᠦ ᠪᠠᠶᠢᠭᠠᠳ ᠦᠬᠡᠷ ᠤᠨ ᠭᠡᠮᠨᠡᠯᠲᠡ ᠶᠢ ᠪᠠᠭᠠᠰᠬᠠᠨ᠎ᠠ᠃ ᠭᠡᠮᠨᠡᠭᠰᠡᠨ ᠢ ᠮᠡᠳᠡᠪᠡᠯ ᠴᠠᠭ ᠲᠤᠬᠠᠢ ᠳᠤᠨᠢ ᠲᠤᠰᠠᠭᠠᠷᠯᠠᠬᠤ ᠪᠦᠭᠡᠳ ᠭᠡᠮ ᠳᠤᠨᠢ ᠲᠠᠭᠠᠷᠠᠭᠤᠯᠤᠨ ᠵᠠᠰᠠᠨ᠎ᠠ᠂ ᠦᠪᠡᠷ ᠲᠡᠭᠡᠨ ᠵᠠᠰᠠᠵᠦ ᠳᠡᠶᠢᠯᠬᠦ ᠦᠭᠡᠢ ᠪᠣᠯ ᠲᠤᠬᠠᠢ ᠶᠢᠨ ᠭᠠᠵᠠᠷ ᠤᠨ ᠮᠠᠯ ᠤᠨ ᠡᠮᠴᠢ ᠶᠢ ᠤᠷᠢᠵᠦ ᠵᠠᠰᠠᠭᠤᠯᠤᠨ᠎ᠠ᠃ ᠭᠤᠷᠪᠠ᠂ ᠡᠪᠡᠰᠦ ᠪᠤᠷᠳᠤᠭ᠎ᠠ ᠶᠢ ᠰᠤᠩᠭᠤᠬᠤ ᠵᠠᠩᠬᠢᠯᠠᠭ᠎ᠠ 1. ᠴᠡᠪᠡᠷ ᠲᠡᠵᠢᠭᠡᠬᠦ ᠦᠬᠡᠷ ᠢ ᠲᠡᠵᠢᠭᠡᠬᠦ ᠡᠪᠡᠰᠦ ᠪᠤᠷᠳᠤᠭ᠎ᠠ ᠨᠢ ᠡᠷᠭᠡᠪᠰᠢ ᠴᠡᠪᠡᠷ ᠪᠠᠶᠢᠵᠦ᠂ ᠸᠠᠯᠠᠭᠰᠠᠨ᠂ ᠢᠯᠵᠢᠷᠡᠭᠰᠡᠨ᠂ ᠬᠦᠯᠳᠡᠭᠰᠡᠨ ᠪᠤᠷᠳᠤᠭ᠎ᠠ ᠪᠠ ᠪᠤᠵᠠᠷᠲᠤᠭᠳᠠᠭᠰᠠᠨ ᠬᠢᠭᠡᠳ ᠣᠨᠳᠤᠤ ᠶᠠᠭᠤᠮ᠎ᠠ ᠤᠯᠠᠨ ᠬᠤᠯᠢᠯᠳᠤᠭᠰᠠᠨ ᠡᠪᠡᠰᠦ ᠪᠤᠷᠳᠤᠭ᠎ᠠ ᠪᠠᠷ ᠲᠡᠵᠢᠭᠡᠬᠦ ᠦᠭᠡᠢ᠃ 2. ᠰᠢᠮ᠎ᠡ ᠲᠡᠵᠢᠭᠡᠯᠲᠦ ᠪᠤᠷᠳᠤᠭ᠎ᠠ ᠰᠢᠮ᠎ᠡ ᠲᠡᠵᠢᠭᠡᠯᠲᠦ ᠪᠤᠷᠳᠤᠭ᠎ᠠ ᠶᠢ ᠵᠤᠬᠢᠰᠲᠠᠢ ᠬᠤᠯᠢᠵᠦ᠂ ᠢᠳᠡᠰᠢᠨ ᠦᠬᠡᠷ ᠤᠨ ᠦᠰᠦᠯᠲᠠ ᠳᠤ ᠬᠡᠷᠡᠭᠰᠡᠬᠦ ᠡᠯ᠎ᠡ ᠵᠦᠢᠯ ᠤᠨ ᠰᠢᠮ᠎ᠡ ᠲᠡᠵᠢᠭᠡᠯᠲᠦ ᠡᠳ᠋ ᠢ ᠵᠢᠭᠳᠡ ᠰᠢᠩᠭᠡᠭᠡᠬᠦ ᠶᠢ ᠪᠠᠲᠤᠯᠠᠨ᠎ᠠ᠃ ᠲᠡᠵᠢᠭᠡᠬᠦ ᠪᠦᠳᠦᠭᠦᠯᠢᠭ ᠪᠤᠷᠳᠤᠭ᠎ᠠ ᠪᠠ ᠨᠠᠷᠢᠯᠢᠭ ᠪᠤᠷᠳᠤᠭ᠎ᠠ ᠨᠢ ᠦᠬᠡᠷ ᠤᠨ ᠡᠨᠧᠷᠬᠢ᠂ ᠤᠭᠤᠷᠠᠭ ᠤᠨ ᠬᠡᠷᠡᠭᠴᠡᠭᠡ ᠲᠠᠢ ᠨᠡᠶᠢᠴᠡᠭᠰᠡᠨ ᠪᠠᠶᠢᠬᠤ ᠬᠡᠷᠡᠭᠲᠡᠢ᠃ ᠡᠭᠦᠨ ᠠᠴᠠ ᠭᠠᠳᠠᠨ᠎ᠠ᠂ ᠪᠠᠶᠢᠳᠠᠯ ᠢ ᠦᠨᠳᠦᠰᠦᠯᠡᠵᠦ ᠺᠠᠯᠼ᠂ ᠹᠤᠰᠹᠤᠷ᠂ ᠪᠢᠴᠢᠯ ᠡᠯᠧᠮᠧᠨ᠋ᠲ ᠬᠢᠭᠡᠳ ᠸᠢᠲ᠋ᠠᠮᠢᠨ ᠵᠡᠷᠭᠡ ᠶᠢ ᠵᠤᠬᠢᠰᠲᠠᠢ ᠨᠡᠮᠡᠪᠡᠯ ᠰᠠᠶ᠋ᠢ ᠦᠬᠡᠷ ᠪᠤᠷᠳᠤᠬᠤ ᠦᠷ᠎ᠡ ᠳ᠋ᠦᠩ ᠢ ᠳᠡᠭᠡᠭᠰᠢᠯᠡᠭᠦᠯᠵᠦ ᠴᠢᠳᠠᠨ᠎ᠠ᠃ 3. ᠢᠳᠡᠭᠦᠰᠢ ᠴᠢᠨᠠᠷᠲᠠᠢ ᠡᠪᠡᠰᠦ ᠪᠤᠷᠳᠤᠭ᠎ᠠ ᠡᠪᠡᠰᠦ ᠪᠤᠷᠳᠤᠭ᠎ᠠ ᠶᠢ ᠠᠯᠢ ᠴᠢᠳᠠᠬᠤ ᠪᠠᠷ ᠦᠬᠡᠷ ᠤᠨ ᠢᠳᠡᠰᠢᠯᠡᠬᠦ ᠳᠤᠷᠠᠲᠠᠢ ᠶᠢ ᠰᠤᠩᠭᠤᠵᠦ ᠪᠠᠶᠢᠭᠠᠳ ᠢᠳᠡᠰᠢᠯᠡᠬᠦ ᠳᠤᠷᠠᠰᠢᠯ ᠪᠤᠯᠤᠨ ᠢᠳᠡᠰᠢᠯᠡᠬᠦ ᠬᠡᠮᠵᠢᠶ᠎ᠡ ᠶᠢ ᠨᠡᠮᠡᠭᠳᠡᠭᠦᠯᠵᠦ᠂ ᠦᠰᠦᠯᠲᠡ ᠶᠢᠨ ᠬᠤᠷᠳᠤᠴᠠ ᠶᠢ ᠳᠡᠭᠡᠭᠰᠢᠯᠡᠭᠦᠯᠦᠨ᠎ᠡ᠃ ᠢᠳᠡᠭᠦᠰᠢ ᠴᠢᠨᠠᠷ ᠨᠢ ᠨᠡᠯᠢᠶᠡᠳ ᠮᠠᠭᠤ ᠪᠦᠳᠦᠭᠦᠯᠢᠭ ᠪᠤᠷᠳᠤᠭ᠎ᠠ ᠶᠢ ᠪᠣᠯ ᠬᠡᠷᠴᠢᠬᠦ᠂ ᠭᠡᠮᠬᠡᠯᠬᠦ᠂ ᠵᠦᠭᠡᠯᠡᠷᠡᠭᠦᠯᠬᠦ᠂ ᠬᠥᠬᠡ ᠪᠠᠷ ᠳᠠᠷᠤᠰᠢᠭᠤᠯᠬᠤ ᠬᠢᠭᠡᠳ ᠰᠢᠪᠲᠤᠷᠵᠢᠭᠤᠯᠬᠤ ᠵᠡᠷᠭᠡ ᠠᠷᠭ᠎ᠠ ᠪᠠᠷ ᠢᠳᠡᠭᠦᠰᠢ ᠴᠢᠨᠠᠷ ᠪᠤᠯᠤᠨ ᠰᠢᠩᠭᠡᠭᠡᠵᠦ ᠠᠰᠢᠭᠯᠠᠬᠤ ᠶᠢ ᠳᠡᠭᠡᠭᠰᠢᠯᠡᠭᠦᠯᠦᠨ᠎ᠡ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|