ᠡᠪᠦᠯ ᠬᠠᠪᠤᠷ ᠤᠨ ᠤᠯᠠᠷᠢᠯ ᠳᠤ ᠲᠦᠪᠡᠳ ᠬᠠᠰᠢ ᠶᠢᠨ ᠴᠢᠬᠢ  ᠪᠤᠶᠢᠵᠢᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2018/12/6

     ᠨᠢᠭᠡ᠂ ᠦᠷ᠎ᠡ ᠶᠢᠨ ᠰᠤᠩᠭᠤᠯᠳᠠ
     ᠲᠣᠣᠷ᠎ᠠ ᠳᠤᠯᠠᠭᠠᠨ ᠳᠤ ᠳᠠᠭᠠᠭᠠᠮᠠᠭᠠᠢ᠂ ᠡᠷᠲᠡ ᠪᠤᠯᠪᠠᠰᠤᠷᠠᠬᠤ᠂ ᠵᠢᠮᠢᠰ ᠤᠯᠠᠨ ᠰᠠᠭᠤᠬᠤ᠂ ᠦᠷᠭᠦᠯᠵᠢᠯᠡᠨ ᠵᠢᠮᠢᠰᠯᠡᠬᠦ ᠴᠢᠳᠠᠪᠤᠷᠢ ᠰᠠᠶᠢᠨ᠂ ᠭᠠᠷᠤᠯᠲᠠ ᠥᠨᠳᠥᠷ᠂ ᠭᠦᠨ ᠤᠯᠠᠭᠠᠨ ᠦᠩᠭᠡ ᠪᠤᠶᠤ ᠶᠠᠭᠠᠨ ᠥᠩᠭᠡ ᠲᠠᠢ᠂ ᠵᠢᠮᠢᠰ ᠤᠨ ᠶᠡᠭᠡ ᠪᠠᠭ᠎ᠠ ᠨᠢ ᠵᠢᠭᠳᠡ᠂ ᠬᠠᠯᠢᠰᠤ ᠨᠢ ᠵᠤᠵᠠᠭᠠᠨ᠂ ᠬᠠᠲᠠᠭᠤ᠂ ᠬᠠᠳᠠᠭᠠᠯᠠᠵᠤ ᠵᠥᠭᠡᠭᠡᠪᠦᠷᠢᠯᠡᠬᠦ ᠳᠤ ᠳᠠᠭᠠᠭᠠᠮᠠᠭᠠᠢ ᠦᠷᠭᠦᠯᠵᠢᠯᠡᠨ ᠤᠷᠭᠤᠬᠤ ᠬᠡᠯᠪᠡᠷᠢ ᠶᠢᠨ ᠦᠷ᠎ᠡ ᠶᠢ ᠰᠣᠩᠭᠤᠨ᠎ᠠ᠃
     ᠬᠤᠶᠠᠷ᠂ ᠢᠳᠡᠷᠡᠭᠦᠨ ᠴᠢᠬᠢ ᠶᠢ ᠪᠤᠶᠢᠵᠢᠭᠤᠯᠬᠤ
     1. ᠴᠢᠬᠢ ᠪᠤᠶᠢᠵᠢᠭᠤᠯᠬᠤ ᠡᠳ᠋ ᠢ ᠰᠣᠩᠭᠤᠬᠤ᠃ ᠰᠠᠶᠢᠨ ᠴᠢᠬᠢ ᠪᠤᠶᠢᠵᠢᠭᠤᠯᠬᠤ ᠡᠳ᠋ ᠨᠢ ᠬᠡᠢ ᠨᠡᠪᠲᠡᠷᠡᠴᠡ᠂ ᠤᠰᠤ ᠲᠠᠲᠠᠷᠠᠭᠤᠯᠬᠤ ᠴᠢᠨᠠᠷ ᠪᠠ ᠨᠠᠮᠤᠬᠤᠳᠬᠠᠬᠤ ᠴᠢᠨᠠᠷ ᠢᠶᠠᠷ ᠰᠠᠶᠢᠨ ᠪᠠᠶᠢᠵᠤ᠂ ᠳᠠᠪᠤᠰᠤᠨ ᠤ ᠢᠵᠠᠭᠤᠷ ᠤᠨ ᠰᠣᠯᠢᠯᠴᠠᠬᠤ ᠬᠡᠮᠵᠢᠶ᠎ᠡ ᠨᠢ ᠨᠡᠯᠢᠶᠡᠳ ᠥᠨᠳᠥᠷ᠂ ᠬᠤᠷᠤᠬᠠᠢ ᠶᠢᠨ ᠦᠨᠳᠡᠭᠡ ᠦᠭᠡᠢ᠂ ᠡᠪᠡᠰᠦᠨ ᠤ ᠦᠷ᠎ᠡ ᠦᠭᠡᠢ᠂ ᠭᠡᠮ ᠡᠭᠦᠰᠭᠡᠬᠦ ᠪᠠᠺᠲ᠋ᠧᠷᠢ ᠦᠭᠡᠢ ᠪᠥᠭᠡᠳ ᠴᠢᠨᠠᠷ ᠭᠦᠡᠭᠭᠡᠨ᠂ ᠥᠪᠡᠷ ᠤᠨ ᠥᠷᠳᠡᠭ ᠳᠣᠣᠷ᠎ᠠ ᠣᠨᠴᠠᠯᠢᠭ ᠲᠠᠢ ᠪᠠᠶᠢᠬᠤ ᠬᠡᠷᠡᠭᠲᠠᠢ᠃
     ᠤᠳᠤ ᠴᠢᠬᠢ ᠪᠤᠶᠢᠵᠢᠭᠤᠯᠬᠤ ᠳᠤ ᠬᠡᠷᠡᠭᠯᠡᠵᠦ ᠪᠠᠶᠢᠭ᠎ᠠ ᠨᠦᠭᠡ ᠲᠠᠢ ᠰᠠᠪᠠ ᠶᠢᠨ ᠮᠠᠲ᠋ᠧᠷᠢᠶᠠᠯ ᠳᠤ ᠡᠪᠡᠰᠦᠨ ᠦᠨᠡᠰᠦ᠂ ᠬᠠᠨᠠᠭᠤᠷᠬᠠᠢ ᠴᠢᠯᠠᠭᠤ᠂ ᠰᠤᠪᠤᠳᠯᠢᠭ ᠴᠢᠯᠠᠭᠤᠯᠢᠭ᠂ ᠨᠠᠷᠭᠢᠯ ᠤᠨ ᠰᠢᠬᠢᠷ᠂ ᠵᠡᠭᠡᠰᠦ ᠶᠢᠨ ᠰᠢᠭᠠᠷᠤ᠂ ᠮᠥᠭᠦ ᠶᠢᠨ ᠰᠢᠭᠠᠷᠤ ᠪᠠᠶᠢᠬᠤ ᠠᠴᠠ ᠭᠠᠳᠠᠨ᠎ᠠ᠂ ᠢᠯᠵᠠᠷᠠᠭᠰᠠᠨ ᠨᠠᠪᠴᠢ ᠲᠠᠢ ᠰᠢᠷᠣᠢ᠂ ᠦᠷᠦᠪᠳᠡᠰᠦ᠂ ᠡᠷᠳᠡᠨᠢ ᠰᠢᠰᠢ ᠶᠢᠨ ᠭᠤᠣᠯ ᠵᠡᠷᠭᠡ ᠪᠠᠷ ᠪᠠᠰᠠ ᠮᠠᠲ᠋ᠧᠷᠢᠶᠠᠯ ᠪᠤᠯᠭᠠᠵᠦ ᠪᠤᠢ᠃
     2. ᠲᠠᠷᠢᠬᠤ ᠪᠠ ᠰᠣᠶᠣᠭᠠᠯᠠᠭᠤᠯᠬᠤ
     ︵1︶ ᠲᠠᠷᠢᠬᠤ ᠬᠤᠭᠤᠴᠠᠭ᠎ᠠ᠃ ᠲᠠᠷᠢᠬᠤ ᠬᠤᠭᠤᠴᠠᠭ᠎ᠠ ᠨᠢ 10 ᠰᠠᠷ᠎ᠠ ᠶᠢᠨ ᠡᠬᠢᠨ ᠠᠴᠠ 10 ᠰᠠᠷ᠎ᠠ ᠶᠢᠨ 20 ᠶᠢᠨ ᠬᠤᠭᠤᠷᠤᠨᠳᠦ ᠪᠠᠶᠢᠵᠦ᠂ ᠴᠢᠬᠢ ᠪᠤᠶᠢᠵᠢᠭᠤᠯᠬᠤ ᠬᠤᠭᠤᠴᠠᠭ᠎ᠠ ᠨᠢ 30 ᠡᠳᠦᠷ ᠬᠦᠷᠴᠦ ᠭᠤᠷᠪᠠᠨ ᠨᠠᠪᠴᠢ ᠨᠢᠭᠡ ᠭᠤᠣᠯ ᠤᠷᠭᠤᠪᠠᠯ ᠲᠠᠷᠢᠵᠦ ᠲᠤᠬᠢᠷᠠᠨ᠎ᠠ᠃ ᠰᠠᠶᠢᠨ ᠴᠡᠴᠡᠭ ᠤᠨ ᠨᠠᠬᠢᠶ᠎ᠠ ᠪᠦᠷᠢᠯᠳᠦᠬᠦ ᠶᠢ ᠪᠠᠲᠤᠯᠠᠬᠤ ᠶᠢᠨ ᠲᠥᠯᠥᠭᠡ᠂ ᠴᠢᠬᠢ ᠪᠤᠶᠢᠵᠢᠭᠤᠯᠬᠤ ᠬᠤᠭᠤᠴᠠᠭᠠᠨ ᠳᠤ ᠳᠤᠯᠠᠭᠠᠯᠠᠬᠤ ᠪᠠᠷ ᠭᠤᠣᠯᠯᠠᠨ᠂ ᠳᠤᠯᠠᠭᠠᠯᠠᠵᠦ ᠪᠠᠶᠢᠭᠠᠳ ᠴᠢᠬᠢ ᠪᠤᠶᠢᠵᠢᠭᠤᠯᠬᠤ ᠠᠷᠭ᠎ᠠ ᠶᠢ ᠠᠪᠤᠨ᠎ᠠ᠃
     ︵2︶ ᠦᠷ᠎ᠡ ᠶᠢ ᠰᠢᠢᠳᠪᠦᠷᠢᠯᠡᠬᠦ᠃ ᠨᠦᠭᠡ ᠲᠠᠢ ᠰᠠᠪᠠᠨ ᠳᠤ ᠴᠢᠬᠢ ᠪᠤᠶᠢᠵᠢᠭᠤᠯᠬᠤ ᠳᠤ ᠨᠠᠷᠢᠯᠢᠭ ᠲᠠᠷᠢᠬᠤ ᠠᠷᠭ᠎ᠠ ᠶᠢ ᠠᠪᠤᠨ᠎ᠠ᠃ ᠲᠠᠷᠢᠬᠤ ᠴᠢᠨᠠᠷ ᠢ ᠳᠡᠭᠡᠭᠰᠢᠯᠡᠭᠦᠯᠵᠦ᠂ ᠦᠷ᠎ᠡ ᠶᠢᠨ ᠰᠤᠶᠤᠭᠠᠯᠠᠴᠠ ᠶᠢ ᠵᠢᠭᠳᠡ ᠪᠠᠶᠢᠯᠭᠠᠬᠤ ᠶᠢᠨ ᠲᠥᠯᠥᠭᠡ᠂ ᠦᠷ᠎ᠡ ᠶᠢᠨ ᠨᠠᠬᠢᠶᠠᠯᠠᠬᠤ ᠬᠠᠨᠳᠤᠰᠢ 90% ᠠᠴᠠ ᠳᠡᠭᠡᠭᠰᠢ ᠪᠠᠶᠢᠬᠤ ᠦᠷ᠎ᠡ ᠶᠢ ᠰᠣᠩᠭᠤᠨ᠎ᠠ᠃ ᠥᠩᠭᠡᠯᠡᠭᠰᠡᠨ ᠦᠭᠡᠢ ᠦᠷ᠎ᠡ ᠶᠢ ᠪᠤᠯ ᠠᠷᠢᠭᠤᠳᠬᠠᠵᠦ ᠰᠢᠢᠳᠪᠦᠷᠢᠯᠡᠨ᠎ᠡ ︵ᠠᠷᠭ᠎ᠠ ᠶᠢ ᠡᠩ ᠤᠨ ᠴᠢᠬᠢ ᠲᠠᠢ ᠠᠳᠠᠯᠢ ᠪᠠᠶᠢᠯᠭᠠᠨ᠎ᠠ︶᠃ ᠰᠤᠶᠤᠭᠠᠯᠠᠴᠠ ᠤᠳᠠᠭᠠᠨ᠂ ᠠᠮᠢᠳᠤᠷᠠᠬᠤ ᠬᠦᠴᠦᠨ ᠮᠠᠭᠤ ᠦᠷ᠎ᠡ ᠶᠢ ᠪᠤᠯ ‍ᠣᠣᠢ ᠮᠧᠢ ᠰᠤ᠋ ︵赤霉素︶᠂ ᠠᠽᠣᠲ ᠬᠦᠴᠢᠯ ᠤᠨ ᠺᠠᠯᠢ ︵硝酸钾︶᠂ ᠪᠦᠭᠡᠭᠡᠨᠡᠷᠡᠯ  ᠭᠯᠢᠺᠤᠯ ︵聚乙二醇︶ ᠵᠡᠷᠭᠡ ᠡᠮ ᠢᠶᠠᠷ ᠠᠮᠢᠯᠠᠭᠤᠯᠬᠤ ᠪᠤᠶᠤ 4 ᠴᠠᠭ ᠡᠭᠡᠭᠡᠨ᠎ᠡ᠃
     ︵3︶ ᠲᠠᠷᠢᠬᠤ ᠬᠡᠮᠵᠢᠶ᠎ᠡ᠃ ᠮᠦ ᠪᠦᠷᠢ ︵100 ᠮᠧᠲᠷ ᠤᠨ ᠬᠦᠯᠡᠮᠵᠢ︶ ᠳᠤ 2000 ᠮᠥᠬᠦᠯᠢᠭ ᠪᠠᠶᠢᠯᠭᠠᠪᠠᠯ ᠳᠤᠭᠢᠷᠠᠮᠵᠢᠳᠠᠢ ᠶᠤᠮ᠃
     ᠭᠤᠷᠪᠠ᠂ ᠰᠠᠪᠠᠯᠠᠬᠤ ᠬᠢᠭᠡᠳ ᠲᠠᠷᠢᠬᠤ ᠠᠷᠭ᠎ᠠ
     ᠨᠦᠭᠡ ᠲᠠᠢ ᠰᠠᠪᠠ ᠳᠤ ᠪᠤᠶᠢᠵᠢᠭᠤᠯᠬᠤ ᠴᠢᠬᠢ ᠶᠢ ᠮᠠᠰᠢᠨ ᠢᠶᠠᠷ ᠲᠠᠷᠢᠬᠤ ᠪᠠ ᠭᠠᠷ ᠢᠶᠠᠷ ᠲᠠᠷᠢᠬᠤ ᠭᠡᠵᠦ ᠬᠤᠶᠠᠷ ᠬᠤᠪᠢᠶᠠᠨ᠎ᠠ᠃ ᠮᠠᠰᠢᠨ ᠢᠶᠠᠷ ᠲᠠᠷᠢᠬᠤ ᠶᠢ ᠪᠠᠰᠠ ᠠᠦ᠋ᠲ᠋ᠣᠴᠢᠯᠠᠵᠤ ᠲᠠᠷᠢᠬᠤ ᠪᠠ ᠬᠠᠭᠠᠰ ᠠᠦ᠋ᠲ᠋ᠣᠴᠢᠯᠠᠵᠤ ᠲᠠᠷᠢᠬᠤ ᠭᠡᠵᠦ ᠬᠤᠪᠢᠶᠠᠨ᠎ᠠ᠃ ᠠᠦ᠋ᠲ᠋ᠣᠴᠢᠯᠠᠵᠤ ᠲᠠᠷᠢᠬᠤ ᠶᠢᠨ ᠠᠵᠢᠯᠯᠠᠬᠤ ᠠᠯᠬᠤᠮ ᠨᠢ ᠰᠠᠪᠠ ᠳᠤ ᠰᠠᠪᠠᠯᠠᠬᠤ᠂ ᠨᠦᠭᠡ ᠶᠢ ᠳᠠᠷᠤᠬᠤ᠂ ᠲᠠᠷᠢᠵᠤ ᠳᠠᠷᠤᠬᠤ ᠪᠠ ᠤᠰᠤ ᠰᠦᠷᠴᠢᠬᠦ ᠵᠡᠷᠭᠡ ᠪᠠᠭᠲᠠᠨ᠎ᠠ᠃ ᠲᠠᠷᠢᠬᠤ ᠠᠴᠠ ᠡᠮᠦᠨ᠎ᠡ ᠤᠷᠢᠳᠠᠪᠠᠷ ᠮᠠᠰᠢᠨ ᠢ ᠰᠠᠶᠢᠲᠤᠷ ᠲᠤᠷᠰᠢᠵᠦ ᠠᠵᠢᠯᠯᠠᠭᠤᠯᠬᠤ ᠪᠥᠭᠡᠳ ᠠᠷᠠᠴᠢᠯᠠᠵᠤ᠂ ᠡᠯ᠎ᠡ ᠠᠵᠢᠯ ᠤᠨ ᠳᠡᠰ ᠳᠠᠷᠠᠭ᠎ᠠ ᠶᠢ ᠤᠷᠤᠭᠰᠢᠳᠠᠢ ᠪᠠᠶᠢᠯᠭᠠᠵᠦ᠂ ᠨᠢᠭᠡ ᠨᠦᠭᠡᠨ ᠳᠤ ᠨᠢᠭᠡ ᠮᠥᠬᠦᠯᠢᠭ ᠪᠠᠶᠢᠯᠭᠠᠬᠤ ᠣᠨᠣᠪᠴᠢ ᠶᠢᠨ ᠨᠤᠷᠮ᠎ᠠ ᠶᠢ 95% ᠠᠴᠠ ᠳᠡᠭᠡᠭᠰᠢ ᠳᠤ ᠬᠦᠷᠭᠡᠪᠡᠯ ᠰᠠᠶ᠋ᠢ ᠨᠡᠯᠢᠶᠡᠳ ᠰᠠᠶᠢᠨ ᠲᠠᠷᠢᠬᠤ ᠶᠢ ᠪᠠᠲᠤᠯᠠᠵᠦ ᠴᠢᠳᠠᠨ᠎ᠠ᠃ ᠭᠠᠷ ᠢᠶᠠᠷ ᠲᠠᠷᠢᠬᠤ ᠪᠠ ᠬᠠᠭᠠᠰ ᠠᠦ᠋ᠲ᠋ᠣᠴᠢᠯᠠᠵᠤ ᠲᠠᠷᠢᠬᠤ ᠶᠢᠨ ᠢᠯᠭᠠᠭ᠎ᠠ ᠨᠢ ᠳᠠᠷᠢᠬᠤ ᠳᠤ ᠨᠢᠭᠡ ᠨᠢ ᠭᠠᠷ ᠢᠶᠠᠷ ᠲᠠᠷᠢᠵᠤ᠂ ᠨᠦᠬᠦᠭᠡ ᠨᠢ ᠮᠠᠰᠢᠨ ᠢᠶᠠᠷ ᠳᠠᠷᠢᠬᠤ ᠳᠤ ᠪᠤᠢ᠂ ᠪᠤᠰᠤᠳ ᠠᠵᠢᠯ ᠢ ᠪᠦᠷ ᠭᠠᠷ ᠢᠶᠠᠷ ᠶᠠᠪᠤᠭᠳᠠᠭᠤᠯᠳᠠᠭ᠃ ᠭᠠᠷ ᠢᠶᠠᠷ ᠠᠵᠢᠯᠯᠠᠬᠤ ᠳᠡᠰ ᠳᠠᠷᠠᠭᠠᠯᠠᠯ ᠨᠢ ᠳᠣᠣᠷᠠᠬᠢ ᠮᠡᠲᠦ᠄
     1. ᠰᠠᠪᠠᠯᠠᠬᠤ᠃ ᠤᠷᠢᠳᠠᠪᠠᠷ ᠰᠠᠭᠤᠷᠢ ᠪᠣᠳᠠᠰ ᠢ ᠪᠡᠯᠡᠳᠬᠡᠵᠦ᠂ ᠰᠠᠭᠤᠷᠢ ᠪᠣᠳᠠᠰ ᠤᠨ ᠤᠰᠤᠨ ᠤ ᠬᠡᠮᠵᠢᠶ᠎ᠡ ᠶᠢ 35~45% ᠳᠤ ᠬᠦᠷᠭᠡᠵᠦ᠂ ᠨᠠᠶᠢᠷᠠᠭᠤᠯᠤᠭᠰᠠᠨ ᠰᠠᠭᠤᠷᠢ ᠪᠣᠳᠠᠰ ᠢ ᠰᠠᠪᠠᠨ ᠳᠤ ᠰᠠᠪᠠᠯᠠᠵᠤ᠂ ᠰᠠᠭᠤᠷᠢ ᠪᠣᠳᠠᠰ ᠢ ᠲᠦᠭᠦᠷᠲᠡᠯ᠎ᠡ ᠰᠠᠪᠠᠯᠠᠬᠤ ᠦᠭᠡᠢ᠂ ᠰᠠᠪᠠᠯᠠᠭᠰᠠᠨ ᠤ ᠳᠠᠷᠠᠭ᠎ᠠ ᠡᠯ᠎ᠡ ᠲᠠᠰᠤᠯᠭ᠎ᠠ ᠶᠢ ᠲᠣᠳᠣᠷᠬᠠᠢ ᠣᠯᠵᠤ ᠬᠠᠷᠠᠬᠤ ᠪᠠᠷ ᠪᠠᠷᠢᠮᠵᠢᠶᠠᠯᠠᠨ᠎ᠠ᠃
     2. ᠨᠦᠭᠡ ᠶᠢ ᠳᠠᠷᠤᠬᠤ᠃ ᠰᠠᠪᠠᠯᠠᠭᠰᠠᠨ ᠰᠠᠪᠠ ᠶᠢ ᠪᠣᠰᠤᠭ᠎ᠠ ᠪᠠᠷ 4~5 ᠪᠠᠷ ᠤᠪᠤᠭᠠᠯᠠᠨ ᠬᠠᠮᠳᠤ ᠳᠠᠯᠪᠢᠵᠤ᠂ ᠬᠠᠮᠤᠭ ᠳᠡᠭᠡᠷ᠎ᠡ ᠨᠢ ᠨᠢᠭᠡ ᠬᠤᠭᠤᠰᠤᠨ ᠰᠠᠪᠠ ᠶᠢ ᠲᠠᠯᠪᠢᠵᠦ᠂ ᠬᠤᠭᠤᠰᠤᠨ ᠰᠠᠪᠠ ᠶᠢᠨ ᠳᠡᠭᠡᠷ᠎ᠡ ᠲᠠᠯ᠎ᠠ ᠳᠤ ᠨᠢ ᠨᠢᠭᠡᠨ ᠶᠡᠭᠡ ᠪᠠᠭ᠎ᠠ ᠨᠢ ᠠᠳᠠᠯᠢ ᠮᠣᠳᠣᠨ ᠬᠠᠪᠲᠠᠰᠤ ᠶᠢ ᠲᠠᠯᠪᠢᠵᠤ᠂ ᠬᠤᠶᠠᠷ ᠭᠠᠷ ᠢᠶᠠᠨ ᠮᠣᠳᠣᠨ ᠬᠠᠪᠲᠠᠰᠤ ᠶᠢᠨ ᠳᠡᠭᠡᠷ᠎ᠡ ᠲᠡᠭᠰᠢᠬᠡᠨ ᠲᠠᠯᠪᠢᠵᠤ ᠳᠣᠷᠣᠭᠰᠢ ᠵᠢᠭᠳᠡ ᠬᠦᠴᠦᠨ ᠢᠶᠠᠷ ᠳᠠᠷᠤᠵᠦ ᠱᠠᠭᠠᠷᠳᠠᠭᠰᠠᠨ ᠭᠦᠨ ᠳᠤ ᠭᠦᠷᠭᠡᠨ᠎ᠡ᠃ ᠡᠩ ᠤᠨ ᠴᠢᠬᠢ ᠪᠤᠶᠢᠵᠢᠭᠤᠯᠬᠤ ᠲᠠᠢ ᠠᠳᠠᠯᠢ ᠪᠠᠷ ᠲᠠᠷᠢᠬᠤ ᠭᠦᠨ ᠤ ᠬᠡᠮᠵᠢᠶ᠎ᠡ ᠶᠢ ᠠᠳᠠᠯᠢ ᠪᠤᠰᠤ ᠲᠠᠷᠢᠮᠠᠯ ᠢ ᠦᠨᠳᠦᠰᠦᠯᠡᠵᠦ ᠲᠤᠭᠲᠠᠭᠠᠨ᠎ᠠ᠂ ᠶᠡᠷᠦ ᠳᠡᠭᠡᠨ 0.6~0.8 ᠮᠢᠯᠢᠮᠧᠲᠷ ᠪᠠᠶᠢᠳᠠᠭ᠃
     3. ᠲᠠᠷᠢᠬᠤ ᠪᠠ ᠬᠤᠴᠢᠬᠤ᠃ ᠦᠷ᠎ᠡ ᠪᠠᠨ ᠰᠠᠶᠢᠲᠤᠷ ᠳᠠᠷᠤᠭᠰᠠᠨ ᠰᠠᠪᠠ ᠳᠤ ᠨᠦᠬᠡᠯᠡᠨ ᠲᠠᠷᠢᠵᠤ᠂ ᠡᠰᠡᠭᠦᠯ᠎ᠡ ᠬᠠᠭᠠᠰ ᠠᠦ᠋ᠲ᠋ᠣᠴᠢᠯᠠᠵᠤ ᠲᠠᠷᠢᠬᠤ ᠮᠠᠰᠢᠨ ᠢᠶᠠᠷ ᠨᠦᠬᠡ ᠪᠦᠷᠢ ᠳᠤ ᠨᠢᠭᠡ ᠮᠥᠬᠦᠯᠢᠭ ᠲᠠᠷᠢᠨ᠎ᠠ᠃ ᠲᠠᠷᠢᠭᠰᠠᠨ ᠤ ᠳᠠᠷᠠᠭ᠎ᠠ ᠬᠠᠨᠠᠭᠤᠷᠬᠠᠢ ᠴᠢᠯᠠᠭᠤ ᠪᠠᠷ ᠳᠠᠷᠤᠵᠤ ᠨᠢᠭᠡ ᠤᠳᠠᠭ᠎ᠠ ᠨᠡᠪᠲᠡᠷᠡᠲᠡᠯ᠎ᠡ ᠤᠰᠤᠯᠠᠨ᠎ᠠ᠃
     4. ᠰᠣᠶᠣᠭᠠᠯᠠᠭᠤᠯᠬᠤ᠃ ᠰᠠᠪᠠ ᠳᠤ ᠴᠢᠬᠢ ᠪᠤᠶᠢᠵᠢᠭᠤᠯᠬᠤ ᠳᠤ ᠣᠯᠠᠩᠬᠢ ᠨᠢ ᠬᠠᠭᠤᠷᠠᠢ ᠦᠷ᠎ᠡ ᠶᠢ ᠰᠢᠭᠤᠳ ᠲᠠᠷᠢᠬᠤ ᠪᠣᠯᠬᠤᠷ ᠡᠪᠦᠯ᠂ ᠬᠠᠪᠤᠷ ᠤᠨ ᠤᠯᠠᠷᠢᠯ ᠳᠤ ᠲᠠᠷᠢᠭᠰᠠᠨ ᠤ ᠳᠠᠷᠠᠭ᠎ᠠ ᠦᠷ᠎ᠡ ᠶᠢᠨ ᠰᠤᠶᠤᠭᠠᠯᠠᠴᠠ ᠶᠢ ᠲᠦᠷᠭᠡᠳᠭᠡᠬᠦ ᠶᠢᠨ ᠲᠥᠯᠥᠭᠡ ᠰᠣᠶᠣᠭᠠᠯᠠᠭᠤᠯᠬᠤ ᠲᠠᠰᠤᠭ ᠲᠤ ᠲᠠᠯᠪᠢᠵᠦ ᠰᠤᠶᠤᠭᠠᠯᠠᠭᠤᠯᠤᠨ᠎ᠠ᠃ ᠬᠡᠷᠪᠡ ᠰᠣᠶᠣᠭᠠᠯᠠᠭᠤᠯᠬᠤ ᠲᠠᠰᠤᠭ ᠦᠭᠡᠢ ᠪᠤᠯ ᠰᠠᠪᠠ ᠪᠠᠨ ᠴᠢᠬᠢ ᠪᠤᠶᠢᠵᠢᠭᠤᠯᠬᠤ ᠳᠤᠯᠠᠭᠠᠨ ᠬᠦᠯᠡᠮᠵᠢ ᠳᠤ ᠪᠣᠰᠤᠭ᠎ᠠ ᠪᠠᠷ ᠳᠠᠯᠪᠢᠵᠦ᠂ ᠳᠡᠭᠡᠷ᠎ᠡ ᠠᠴᠠ ᠨᠢ ᠬᠤᠪᠠᠨᠴᠢᠷ ᠪᠦᠷᠬᠦᠪᠴᠢ ᠪᠠᠷ ᠪᠦᠷᠭᠦᠵᠦ ᠪᠠᠶᠢᠭᠠᠳ ᠬᠦᠷᠦᠰᠦᠨ ᠤ ᠳᠤᠯᠠᠭᠠᠨ ᠢ ᠨᠡᠮᠡᠭᠳᠡᠭᠦᠯᠦᠨ᠂ ᠰᠠᠭᠤᠷᠢ ᠪᠣᠳᠠᠰ ᠤᠨ ᠴᠢᠬᠢᠭ ᠢ ᠪᠠᠲᠤᠯᠠᠵᠦ᠂ ᠦᠷ᠎ᠡ ᠶᠢᠨ ᠰᠤᠶᠤᠭᠠᠯᠠᠴᠠ ᠶᠢ ᠲᠦᠷᠭᠡᠳᠬᠡᠨ᠎ᠡ᠃ 25~28℃ ᠤᠨ ᠨᠦᠬᠦᠴᠡᠯ ᠳᠣᠣᠷ᠎ᠠ 4 ᠡᠳᠦᠷ ᠰᠤᠶᠤᠭᠠᠯᠠᠴᠠ ᠶᠢ ᠲᠦᠷᠭᠡᠳᠭᠡᠨ᠎ᠡ᠃
     ᠳᠥᠷᠪᠡ᠂ ᠴᠢᠬᠢ ᠶᠢᠨ ᠬᠠᠮᠢᠶᠠᠷᠤᠯᠲᠠ
     1. ᠤᠰᠤ ᠪᠣᠷᠳᠣᠭᠤᠷ ᠤᠨ ᠬᠠᠮᠢᠶᠠᠷᠤᠯᠲᠠ᠃ ᠲᠠᠷᠢᠭᠰᠠᠨ ᠤ ᠳᠠᠷᠠᠭ᠎ᠠ ᠨᠢᠭᠡ ᠤᠳᠠᠭ᠎ᠠ ᠨᠡᠪᠲᠡᠷᠡᠲᠡᠯ᠎ᠡ ᠤᠰᠤᠯᠠᠨ᠎ᠠ᠃ ᠴᠢᠬᠢᠯᠡᠭᠰᠡᠨ ᠠᠴᠠ ᠨᠢᠭᠡᠳᠦᠭᠡᠷ ᠵᠢᠩᠬᠢᠨᠢ ᠨᠠᠪᠴᠢ ᠤᠷᠭᠤᠵᠤ ᠭᠠᠷᠴᠦ ᠢᠷᠡᠲᠡᠯ᠎ᠡ ᠰᠠᠭᠤᠷᠢ ᠪᠣᠳᠠᠰ ᠤᠨ ᠤᠰᠤ ᠶᠢ ᠬᠢᠵᠠᠭᠠᠷᠯᠠᠬᠤ ᠬᠡᠷᠡᠭᠲᠠᠢ᠂ ᠤᠰᠤ ᠨᠢ ᠠᠬᠠᠳᠠᠪᠠᠯ ᠠᠮᠠᠷᠬᠠᠨ ᠲᠡᠨᠡᠭ ᠤᠷᠭᠤᠨ᠎ᠠ᠃ ᠤᠰᠤᠯᠠᠪᠠᠯ ᠨᠡᠪᠲᠡᠷᠡᠲᠡᠯ᠎ᠡ ᠤᠰᠤᠯᠠᠨ᠎ᠠ᠂ ᠡᠰᠡ ᠲᠡᠭᠡᠪᠡᠰᠦ ᠦᠨᠳᠦᠰᠦ ᠨᠢ ᠳᠣᠷᠣᠭᠰᠢ ᠪᠠᠨ ᠬᠠᠳᠬᠤᠬᠤ ᠦᠭᠡᠢ᠂ ᠠᠮᠠᠷᠬᠠᠨ ᠦᠨᠳᠦᠰᠦᠨ ᠤ ᠪᠦᠭᠡᠮ ᠪᠤᠯᠵᠦ ᠪᠦᠷᠢᠯᠳᠦᠬᠦ ᠦᠭᠡᠢ᠂ ᠴᠢᠬᠢ ᠰᠤᠭᠤᠯᠬᠤ ᠳᠤ ᠦᠨᠳᠦᠰᠦ ᠨᠢ ᠠᠮᠠᠷᠬᠠᠨ ᠳᠠᠰᠤᠷᠠᠨ᠎ᠠ᠃ ᠴᠢᠬᠢ ᠰᠤᠭᠤᠯᠬᠤ ᠠᠴᠠ ᠡᠮᠦᠨ᠎ᠡ ᠬᠤᠷᠣᠬᠠᠢ ᠠᠯᠠᠬᠤ ᠪᠠ ᠪᠠᠺᠲ᠋ᠧᠷᠢ ᠠᠯᠠᠬᠤ ᠡᠮ ᠢ ᠰᠦᠷᠴᠢᠭᠦ ᠶᠢᠨ ᠬᠠᠮᠳᠤ ᠨᠢᠯᠬ᠎ᠠ ᠴᠢᠬᠢ ᠶᠢ ᠨᠡᠪᠲᠡᠷᠡᠲᠡᠯ᠎ᠡ ᠤᠰᠤᠯᠠᠵᠤ᠂ ᠨᠢᠯᠬ᠎ᠠ ᠴᠢᠬᠢ ᠶᠢ ᠰᠤᠭᠤᠯᠬᠤ ᠳᠤ ᠲᠦᠭᠦᠮ ᠪᠤᠯᠭᠠᠬᠤ ᠪᠦᠭᠡᠳ ᠤᠷᠲᠦ ᠵᠠᠮ ᠵᠥᠭᠡᠭᠡᠪᠦᠷᠢᠯᠡᠬᠦ ᠳᠤ ᠤᠰᠤ ᠳᠤᠲᠠᠭᠰᠠᠨ ᠠᠴᠠ ᠪᠣᠯᠵᠤ ᠦᠬᠦᠬᠦ ᠠᠴᠠ ᠰᠡᠷᠭᠡᠶᠢᠯᠡᠨ᠎ᠡ᠃
     ᠨᠢᠯᠬ᠎ᠠ ᠴᠢᠬᠢ ᠶᠢ ᠤᠷᠭᠤᠵᠤ ᠪᠠᠶᠢᠭ᠎ᠠ ᠬᠤᠭᠤᠴᠠᠭᠠᠨ ᠳᠤ ᠰᠢᠮ᠎ᠡ ᠲᠡᠵᠢᠭᠡᠯ ᠢ ᠴᠠᠭ ᠲᠤᠬᠠᠢ ᠳᠤᠨᠢ ᠨᠥᠬᠦᠪᠦᠷᠢᠯᠡᠬᠦ ᠶᠢ ᠠᠩᠬᠠᠷᠴᠤ᠂ ᠴᠢᠭᠢᠨ ᠤ ᠤᠷᠭᠤᠵᠦ ᠪᠤᠶᠢᠵᠢᠬᠤ ᠪᠠᠶᠢᠳᠠᠯ ᠢ ᠦᠨᠳᠦᠰᠦᠯᠡᠨ ᠠᠳᠠᠯᠢ ᠪᠤᠰᠤ ᠰᠢᠮ᠎ᠡ ᠲᠡᠵᠢᠭᠡᠯ ᠢ ᠰᠦᠷᠴᠢᠨ᠎ᠡ᠃ ᠰᠠᠭᠤᠯᠭᠠᠬᠤ ᠠᠴᠠ ᠡᠮᠦᠨ᠎ᠡ 1 ᠭᠠᠷᠠᠭ ᠲᠤ ᠤᠰᠤ ᠶᠢ ᠵᠤᠬᠢᠰᠲᠠᠢ ᠭᠢᠵᠠᠭᠠᠷᠯᠠᠵᠤ᠂ ᠴᠢᠬᠢ ᠶᠢ ᠪᠣᠯᠪᠠᠰᠤᠷᠠᠭᠤᠯᠤᠨ᠎ᠠ᠃
     2. ᠳᠤᠯᠠᠭᠠᠨ ᠤ ᠬᠠᠮᠢᠶᠠᠷᠤᠯᠲᠠ᠃ ᠲᠠᠷᠢᠭᠰᠠᠨ ᠤ ᠳᠠᠷᠠᠭᠠᠬᠢ ᠰᠤᠶᠤᠯᠠᠬᠤ ᠱᠠᠲᠤᠨ ᠤ ᠳᠤᠯᠠᠭᠠᠨ ᠢ 28℃ ᠠᠴᠠ ᠳᠡᠭᠡᠭᠰᠢ ᠳᠤ ᠬᠦᠷᠭᠡᠵᠦ᠂ 60% ᠠᠴᠠ ᠳᠡᠭᠡᠭᠰᠢᠬᠢ ᠦᠷ᠎ᠡ ᠬᠦᠷᠦᠰᠦᠨ ᠠᠴᠠ ᠴᠤᠬᠤᠶᠢᠨ ᠭᠠᠷᠤᠭᠰᠠᠠ ᠤ ᠳᠠᠷᠠᠭ᠎ᠠ ᠳᠤᠯᠠᠭᠠᠨ ᠢ ᠵᠤᠭᠢᠰᠳᠠᠢ ᠪᠠᠭᠤᠷᠠᠭᠤᠯᠤᠨ᠎ᠠ᠂ ᠭᠡᠪᠡᠴᠦ ᠦᠷᠭᠦᠯᠵᠢᠯᠡᠨ ᠨᠡᠯᠢᠶᠡᠳ ᠳᠣᠯᠠᠭᠠᠨ ᠪᠠᠶᠢᠯᠭᠠᠵᠦ᠂ ᠴᠢᠭᠢ ᠶᠢᠨ ᠲᠡᠭᠰᠢ ᠭᠠᠷᠬᠤ ᠶᠢ ᠪᠠᠲᠤᠯᠠᠨ᠎ᠠ︔ ᠨᠢᠯᠬ᠎ᠠ ᠴᠢᠬᠢ 2 ᠨᠠᠪᠴᠢᠯᠠᠵᠤ 1 ᠭᠤᠣᠯ ᠲᠠᠢ ᠪᠣᠯᠣᠭᠰᠠᠨ ᠤ ᠳᠠᠷᠠᠭ᠎ᠠ ᠲᠤᠯᠠᠭᠠᠨ ᠤ ᠬᠡᠮᠵᠢᠶ᠎ᠡ ᠶᠢ ᠵᠤᠭᠢᠰᠳᠠᠢ ᠪᠠᠭᠤᠷᠠᠭᠤᠯᠵᠦ ᠪᠤᠯᠤᠨ᠎ᠠ᠂ ᠨᠢᠯᠬ᠎ᠠ ᠴᠢᠬᠢ ᠶᠢᠨ ᠤᠷᠭᠤᠯᠳᠠ ᠳᠤ ᠲᠣᠬᠢᠷᠠᠬᠤ ᠲᠣᠯᠠᠭᠠᠨ ᠨᠢ 25~28℃ ᠪᠤᠯᠤᠨ᠎ᠠ᠃
     ᠨᠢᠯᠬ᠎ᠠ ᠴᠢᠬᠢ ᠶᠢᠨ ᠤᠷᠭᠤᠯᠲᠠ ᠳᠤ ᠵᠣᠬᠢᠬᠤ ᠳᠤᠯᠠᠭᠠᠨ ᠤ ᠵᠥᠷᠢᠶ᠎ᠡ ᠪᠠᠶᠢᠬᠤ ᠶᠢ ᠱᠠᠭᠠᠷᠳᠠᠨ᠎ᠠ᠂ ᠳᠠᠷᠤᠢ ᠡᠳᠦᠷ ᠪᠠ ᠰᠥᠨᠢ ᠶᠢᠨ ᠲᠤᠯᠠᠭᠠᠨ ᠤ ᠵᠥᠷᠢᠶ᠎ᠡ ᠶᠢ 8~10℃ ᠪᠠᠶᠢᠯᠭᠠᠨ᠎ᠠ᠃ ᠪᠦᠷᠬᠦᠭ ᠪᠣᠷᠣᠭᠠᠨ ᠲᠠᠢ ᠡᠳᠦᠷ ᠠᠭᠠᠷ ᠤᠨ ᠳᠤᠯᠠᠭᠠᠨ ᠳᠣᠣᠷ᠎ᠠ ᠪᠤᠯ ᠰᠥᠨᠢ ᠶᠢᠨ ᠳᠤᠯᠠᠭᠠᠨ ᠢ ᠪᠠᠰᠠ ᠳᠣᠣᠷ᠎ᠠ ᠪᠤᠯᠭᠠᠵᠦ᠂ ᠳᠤᠯᠠᠭᠠᠨ ᠤ ᠵᠥᠷᠢᠶ᠎ᠡ ᠶᠢ 2~3℃ ᠪᠠᠶᠢᠯᠭᠠᠨ᠎ᠠ᠃
     3. ᠭᠡᠷᠡᠯ ᠤᠨ ᠳᠤᠰᠤᠯᠲᠠ ᠶᠢᠨ ᠬᠠᠮᠢᠶᠠᠷᠤᠯᠲᠠ᠃ ᠭᠡᠷᠡᠯ ᠤᠨ ᠳᠤᠰᠤᠯᠲᠠ ᠶᠢᠨ ᠬᠦᠴᠦᠯᠡᠴᠡ ᠪᠠ ᠭᠡᠷᠡᠯᠲᠦᠭᠦᠯᠬᠦ ᠴᠠᠭ ᠢ ᠪᠠᠭᠲᠠᠭᠠᠨ᠎ᠠ᠂ ᠭᠡᠷᠡᠯ ᠤᠨ ᠳᠤᠰᠤᠯᠲᠠ ᠶᠢᠨ ᠬᠦᠴᠦᠯᠡᠴᠡ ᠪᠠ ᠭᠡᠷᠡᠯᠲᠦᠭᠦᠯᠬᠦ ᠴᠠᠭ ᠨᠢ ᠨᠢᠯᠬ᠎ᠠ ᠴᠢᠬᠢ ᠶᠢᠨ ᠤᠷᠭᠤᠯᠲᠠ ᠪᠠ ᠴᠢᠬᠢ ᠶᠢᠨ ᠴᠢᠨᠠᠷ ᠲᠤ ᠲᠤᠩ ᠨᠥᠯᠥᠭᠡ ᠲᠠᠢ ᠪᠠᠶᠢᠳᠠᠭ᠃ ᠭᠡᠷᠡᠯ ᠤᠨ ᠳᠤᠰᠤᠯᠲᠠ ᠶᠢᠨ ᠨᠥᠬᠦᠴᠡᠯ ᠨᠢ ᠴᠢᠬᠢ ᠶᠢᠨ ᠴᠢᠨᠠᠷ ᠢ ᠰᠢᠭᠤᠳ ᠨᠦᠯᠦᠭᠡᠯᠡᠬᠦ ᠪᠤᠯᠤᠨ᠎ᠠ᠂ ᠡᠪᠦᠯ ᠬᠠᠪᠤᠷ ᠤᠨ ᠤᠯᠠᠷᠢᠯ ᠳᠤ ᠨᠠᠷᠠᠨ ᠤ ᠳᠤᠰᠬᠤ ᠴᠠᠭ ᠣᠬᠤᠷ᠂ ᠪᠠᠶᠢᠭᠠᠯᠢ ᠶᠢᠨ ᠭᠡᠷᠡᠯ ᠤᠨ ᠳᠤᠰᠤᠯᠲᠠ ᠰᠤᠯᠨ᠂ ᠪᠦᠷᠬᠦᠭ ᠡᠳᠦᠷ ᠬᠦᠯᠡᠮᠵᠢᠨ ᠳᠣᠲᠣᠷᠠᠬᠢ ᠭᠡᠷᠡᠯ ᠤᠨ ᠳᠤᠰᠤᠯᠲᠠ ᠨᠡᠩ ᠰᠤᠯᠨ ᠪᠠᠶᠢᠳᠠᠭ᠃ ᠬᠡᠷᠪᠡ ᠳᠤᠯᠠᠭᠠᠨ ᠤ ᠨᠥᠬᠦᠴᠡᠯ ᠨᠢ ᠭᠦᠷᠦᠯᠴᠡᠭᠦ ᠳᠤ ᠬᠦᠷᠪᠡᠯ᠂ ᠪᠦᠲᠡᠭᠡᠯᠭᠡ ᠪᠠᠨ ᠡᠷᠲᠡ ᠰᠡᠭᠡᠭᠡᠵᠦ᠂ ᠣᠷᠣᠢ ᠪᠦᠷᠭᠦᠵᠦ᠂ ᠭᠡᠷᠡᠯ ᠤᠨ ᠲᠤᠰᠬᠤ ᠴᠠᠭ ᠢ ᠤᠷᠲᠤᠳᠬᠠᠬᠤ ᠪᠦᠭᠡᠳ ᠬᠦᠯᠡᠮᠵᠢᠨ ᠳᠣᠲᠣᠷ᠎ᠠ ᠤᠷᠭᠤᠮᠠᠯ ᠤᠨ ᠣᠷᠭᠤᠬᠤ ᠳᠤ ᠬᠡᠷᠡᠭᠰᠡᠬᠦ ᠭᠡᠷᠡᠯ ᠨᠥᠬᠦᠪᠦᠷᠢᠯᠡᠬᠦ ᠳ᠋ᠧᠩ ᠢ ᠦᠷᠭᠦᠯᠵᠢ ᠡᠯᠭᠦᠵᠦ᠂ ᠲᠠᠷᠢᠶᠠᠨ ᠴᠢᠬᠢ ᠶᠢᠨ ᠭᠡᠷᠡᠯ ᠤᠨ ᠲᠤᠰᠤᠯᠲᠠ ᠤᠨ ᠬᠡᠷᠡᠭᠴᠡᠭᠡ ᠶᠢ ᠪᠠᠲᠤᠯᠠᠨ᠎ᠠ᠃
     ᠲᠠᠪᠤ᠂ ᠴᠢᠬᠢ ᠰᠠᠯᠭᠠᠵᠤ᠂ ᠴᠢᠬᠢ ᠨᠥᠬᠦᠪᠦᠷᠢᠯᠡᠬᠦ
     ᠨᠦᠭᠡ ᠲᠠᠢ ᠰᠠᠪᠠ ᠳᠤ ᠬᠤᠭᠤᠰᠤᠨ ᠨᠦᠬᠡ ᠭᠠᠷᠬᠤ ᠪᠠᠶᠢᠳᠠᠯ ᠢᠯᠡᠷᠡᠪᠡᠯ ᠨᠢᠭᠡᠳᠦᠭᠡᠷ ᠵᠢᠩᠬᠢᠨᠢ ᠨᠠᠪᠴᠢ ᠳᠡᠯᠭᠡᠬᠦ ᠦᠶᠡᠰ᠂ ᠳᠤᠲᠠᠭᠰᠠᠨ ᠴᠢᠬᠢ ᠶᠢ ᠰᠢᠮᠳᠠᠵᠦ ᠨᠦᠭᠦᠪᠦᠷᠢᠯᠡᠨ᠎ᠡ᠃

ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ
Baidu
map