|
ᠬᠠᠬᠢᠷ ᠬᠦᠢᠲᠡᠨ ᠤᠯᠠᠷᠢᠯ ᠳᠤ ᠰᠠᠭᠠᠯᠢ ᠶᠢᠨ ᠦᠨᠢᠶᠡᠨ ᠤ ᠬᠦᠯᠳᠡᠵᠦ ᠰᠢᠷᠬᠠᠲᠤᠬᠤ ᠠᠴᠠ ᠰᠡᠷᠭᠡᠶᠢᠯᠡᠬᠦ ᠶᠢ ᠠᠩᠬᠠᠷᠬᠤ ᠨᠢ |
|
|
ᠨᠡᠶᠢᠲᠡᠯᠡᠭᠰᠡᠨ ᠴᠠᠭ᠄
2018/12/6
|
|
ᠬᠠᠬᠢᠷ ᠬᠦᠢᠲᠡᠨ ᠤᠯᠠᠷᠢᠯ ᠳᠤ ᠰᠠᠭᠠᠯᠢ ᠶᠢᠨ ᠦᠨᠢᠶ᠎ᠡ ᠲᠡᠵᠢᠭᠡᠬᠦ ᠳᠤ ᠬᠡᠷᠪᠡ ᠬᠠᠮᠢᠶᠠᠷᠤᠯᠲᠠ ᠵᠣᠬᠢᠰ ᠦᠭᠡᠢ ᠪᠣᠯ ᠰᠠᠭᠠᠯᠢ ᠶᠢᠨ ᠦᠨᠢᠶ᠎ᠡ ᠨᠢ ᠲᠤᠩ ᠠᠮᠠᠷᠬᠠᠨ ᠬᠥᠯᠳᠡᠵᠦ ᠰᠢᠷᠬᠠᠲᠤᠬᠤ ᠪᠣᠯᠤᠨ᠎ᠠ᠃ ᠡᠭᠦᠨ ᠠᠴᠠ ᠭᠠᠳᠠᠨ᠎ᠠ᠂ ᠬᠦᠢᠲᠡᠨ ᠵᠢᠪᠠᠷ ᠲᠤ ᠴᠣᠬᠢᠭᠳᠠᠬᠤ ᠪᠤᠶᠤ ᠲᠡᠵᠢᠭᠡᠯ ᠪᠣᠷᠳᠤᠭ᠎ᠠ ᠨᠢ ᠬᠦᠷᠦᠯᠴᠡᠬᠦ ᠦᠭᠡᠢ᠂ ᠰᠢᠮ᠎ᠡ ᠲᠡᠵᠢᠭᠡᠯ ᠳᠤᠲᠠᠭᠳᠠᠪᠠᠯ ᠪᠠᠰᠠ ᠡᠯ᠎ᠡ ᠵᠦᠢᠯ ᠤᠨ ᠭᠡᠮ ᠬᠢᠵᠢᠭ ᠲᠤ ᠠᠮᠠᠷᠬᠠᠨ ᠨᠡᠷᠪᠡᠭᠳᠡᠨ᠎ᠡ᠃ ᠡᠪᠦᠯ ᠤᠨ ᠤᠯᠠᠷᠢᠯ ᠳᠤ ᠰᠠᠭᠠᠯᠢ ᠶᠢᠨ ᠦᠨᠢᠶ᠎ᠡ ᠶᠢ ᠲᠡᠵᠢᠭᠡᠬᠦ ᠳᠤ ᠰᠢᠮ᠎ᠡ ᠲᠡᠵᠢᠭᠡᠯ ᠤᠨ ᠲᠡᠩᠴᠡᠭᠦᠷᠢᠲᠠᠢ ᠪᠠᠶᠢᠬᠤ ᠶᠢ ᠠᠩᠬᠠᠷᠴᠤ᠂ ᠭᠤᠣᠯᠳᠠᠯᠭ᠎ᠠ ᠨᠢ ᠬᠥᠯᠳᠡᠬᠦ ᠠᠴᠠ ᠰᠡᠷᠭᠡᠶᠢᠯᠡᠨ ᠳᠤᠯᠠᠭᠠᠯᠠᠬᠤ ᠶᠢ ᠠᠩᠬᠠᠷᠴᠦ᠂ ᠡᠯ᠎ᠡ ᠵᠦᠢᠯ ᠤᠨ ᠭᠡᠮ ᠬᠢᠵᠢᠭ ᠠᠴᠠ ᠴᠠᠭ ᠲᠤᠬᠠᠢ ᠳᠤᠨᠢ ᠰᠡᠷᠭᠡᠶᠢᠯᠡᠨ᠎ᠡ᠃ ᠰᠠᠭᠠᠯᠢ ᠶᠢᠨ ᠦᠨᠢᠶ᠎ᠡ ᠶᠢᠨ ᠬᠥᠯᠳᠡᠵᠦ ᠰᠢᠷᠬᠠᠲᠤᠬᠤ ᠠᠴᠠ ᠰᠡᠷᠭᠡᠶᠢᠯᠡᠬᠦ ᠶᠢᠨ ᠲᠦᠯᠦᠭᠡ᠂ ᠳᠣᠣᠷ᠎ᠠ ᠡᠪᠦᠯ ᠤᠨ ᠤᠯᠠᠷᠢᠯ ᠳᠤ ᠰᠠᠭᠠᠯᠢ ᠶᠢᠨ ᠦᠨᠢᠶ᠎ᠡ ᠶᠢᠨ ᠬᠥᠯᠳᠡᠬᠦ ᠠᠴᠠ ᠰᠡᠷᠭᠡᠶᠢᠯᠡᠵᠦ ᠭᠡᠮ ᠬᠢᠵᠢᠭ ᠠᠴᠠ ᠰᠡᠷᠭᠡᠶᠢᠯᠡᠵᠦ ᠲᠡᠵᠢᠭᠡᠬᠦ ᠮᠡᠷᠭᠡᠵᠢᠯ ᠠᠴᠠ ᠲᠠᠨᠢᠯᠴᠠᠭᠤᠯᠵᠦ᠂ ᠯᠠᠪᠯᠠᠯᠲᠠ ᠪᠣᠯᠭᠠᠬᠤ ᠳᠤ ᠵᠤᠷᠢᠭᠤᠯᠪᠠ᠃ ᠰᠢᠮ᠎ᠡ ᠲᠡᠵᠢᠭᠡᠯ ᠢ ᠴᠢᠩᠭᠠᠳᠬᠠᠬᠤ ᠰᠠᠭᠠᠯᠢ ᠶᠢᠨ ᠦᠨᠢᠶ᠎ᠡ ᠨᠢ ᠳᠣᠣᠷ᠎ᠠ ᠲᠤᠯᠠᠭᠠᠨ ᠳᠤ ᠬᠡᠳᠦ᠋ᠢᠪᠡᠷ ᠬᠡᠪ ᠤᠨ ᠪᠡᠶ᠎ᠡ ᠶᠢᠨ ᠲᠤᠯᠠᠭᠠᠨ ᠢᠶᠠᠨ ᠠᠷᠭᠠᠴᠠᠵᠦ ᠴᠢᠳᠠᠬᠤ ᠪᠣᠯᠪᠠᠴᠤ ᠪᠡᠶ᠎ᠡ ᠶᠢᠨ ᠢᠯᠴᠢ ᠶᠢᠨ ᠰᠠᠷᠨᠢᠯᠲᠠ ᠨᠡᠮᠡᠭᠳᠡᠳᠡᠭ ᠠᠴᠠ ᠪᠣᠷᠳᠤᠭ᠎ᠠ ᠶᠢᠨ ᠬᠤᠷᠤᠭᠳᠠᠯ ᠳᠤ ᠴᠦ ᠳᠠᠭᠠᠯᠳᠤᠨ ᠨᠡᠮᠡᠭᠳᠡᠬᠦ ᠪᠤᠯᠤᠨ᠎ᠠ᠃ ᠡᠶᠢᠮᠦ ᠠᠴᠠ ᠡᠪᠦᠯ ᠪᠣᠯᠬᠤ ᠠᠴᠠ ᠡᠬᠢᠯᠡᠨ᠂ ᠨᠠᠷᠢᠯᠢᠭ ᠪᠣᠷᠳᠤᠭ᠎ᠠ ᠪᠠᠷ ᠲᠡᠵᠢᠭᠡᠬᠦ ᠬᠡᠮᠵᠢᠶ᠎ᠡ ᠶᠢ ᠢᠳᠡᠭ ᠢᠳᠡᠭ ᠢᠶᠠᠷ ᠨᠡᠮᠡᠭᠳᠡᠭᠦᠯᠬᠦ ᠶᠢᠨ ᠬᠠᠮᠲᠤ ᠪᠦᠷᠢᠨ ᠲᠡᠩᠴᠡᠭᠦᠷᠢᠲᠦ ᠰᠢᠮ᠎ᠡ ᠲᠡᠵᠢᠭᠡᠯᠲᠦ ᠬᠤᠯᠢᠮᠠᠭ ᠬᠤᠨᠤᠭ ᠤᠨ ᠪᠤᠷᠳᠤᠭ᠎ᠠ ᠪᠠᠷ ᠲᠡᠵᠢᠭᠡᠵᠦ᠂ ᠡᠨᠧᠷᠭᠢ ᠪᠤᠷᠳᠤᠭ᠎ᠠ ᠶᠢ 10% ᠪᠠ ᠲᠣᠰᠣᠯᠢᠭ ᠪᠣᠷᠳᠤᠭ᠎ᠠ ᠶᠢ 5% ᠨᠡᠮᠡᠭᠳᠡᠭᠦᠯᠵᠦ᠂ ᠦᠨᠢᠶ᠎ᠡ ᠶᠢ ᠴᠠᠳᠲᠠᠯ᠎ᠠ ᠢᠳᠡᠰᠢᠯᠡᠭᠦᠯᠦᠨ᠂ ᠪᠦᠯᠢᠶᠡᠨ ᠤᠰᠤ ᠪᠠᠷ ᠤᠰᠤᠯᠠᠵᠤ᠂ ᠬᠦᠢᠲᠡᠨ ᠢ ᠳᠠᠭᠠᠭᠠᠬᠤ ᠴᠢᠳᠠᠪᠤᠷᠢ ᠶᠢ ᠳᠡᠭᠡᠭᠰᠢᠯᠡᠭᠦᠯᠦᠨ᠎ᠡ᠃ ᠲᠤᠩᠭᠠᠯᠠᠭ ᠡᠳᠦᠷ ᠢᠶᠠᠷ ᠦᠨᠢᠶ᠎ᠡ ᠶᠢ ᠬᠠᠷᠢᠭᠤᠯᠵᠤ ᠪᠡᠯᠴᠢᠭᠡᠷᠯᠡᠭᠦᠯᠬᠦ ᠶᠢ ᠪᠠᠷᠢᠮᠲᠠᠯᠠᠨ᠎ᠠ᠂ ᠬᠠᠷᠢᠭᠤᠯᠪᠠᠯ ᠦᠨᠢᠶ᠎ᠡ ᠨᠢ ᠬᠥᠬᠡ ᠡᠪᠡᠰᠦ ᠤᠯᠵᠦ ᠢᠳᠡᠰᠢᠯᠡᠵᠦ ᠳᠡᠶᠢᠯᠬᠦ ᠪᠦᠭᠡᠳ ᠪᠠᠰᠠ ᠬᠥᠳᠡᠯᠭᠡᠭᠡᠨ ᠨᠢ ᠨᠡᠮᠡᠭᠳᠡᠵᠦ᠂ ᠦᠨᠢᠶ᠎ᠡ ᠶᠢᠨ ᠡᠷᠡᠭᠦᠯ ᠴᠢᠬᠢᠷᠠᠭ ᠲᠤ ᠠᠰᠢᠭᠲᠠᠢ ᠪᠠᠶᠢᠳᠠᠭ᠃ ᠦᠨᠢᠶ᠎ᠡ ᠶᠢ ᠬᠠᠷᠢᠭᠤᠯᠬᠤ ᠳᠤ ᠳᠠᠯᠳᠠ ᠨᠠᠷᠠᠨ ᠲᠠᠯ᠎ᠠ ᠶᠢᠨ ᠪᠤᠲᠠ ᠲᠠᠢ ᠭᠠᠵᠠᠷ ᠢ ᠰᠣᠩᠭᠤᠵᠤ ᠪᠡᠯᠴᠢᠭᠡᠷᠯᠡᠭᠦᠯᠦᠨ᠂ ᠦᠨᠢᠶ᠎ᠡ ᠳᠤ ᠬᠢᠷᠠᠭᠤ ᠤᠨᠠᠭᠰᠠᠨ ᠡᠪᠡᠰᠦ ᠶᠢ ᠢᠳᠡᠭᠦᠯᠵᠦ ᠪᠣᠯᠬᠤ ᠦᠭᠡᠢ᠃ ᠰᠠᠭᠠᠯᠢ ᠶᠢᠨ ᠦᠨᠢᠶ᠎ᠡ ᠨᠢ ᠬᠤᠪᠢ ᠪᠡᠶ᠎ᠡ ᠶᠢᠨ ᠬᠡᠷᠡᠭᠰᠡᠬᠦ ᠰᠢᠮ᠎ᠡ ᠲᠡᠵᠢᠭᠡᠯ ᠢᠶᠠᠨ ᠠᠷᠭᠠᠴᠠᠬᠤ ᠠᠴᠠ ᠭᠠᠳᠠᠨ᠎ᠠ᠂ ᠪᠠᠰᠠ ᠲᠥᠯ ᠤᠨ ᠦᠰᠦᠯᠲᠡ ᠪᠤᠶᠢᠵᠢᠯᠲᠠ ᠳᠤ ᠬᠡᠷᠡᠭᠰᠡᠬᠦ ᠰᠢᠮ᠎ᠡ ᠲᠡᠵᠢᠭᠡᠯ ᠢ ᠬᠠᠩᠭᠠᠬᠤ ᠮᠦᠷᠲᠡᠭᠡᠨ ᠵᠣᠬᠢᠬᠤ ᠰᠢᠮ᠎ᠡ ᠲᠡᠵᠢᠭᠡᠯ ᠬᠤᠷᠠᠮᠳᠤᠭᠤᠯᠵᠤ ᠰᠦ ᠱᠦᠭᠦᠷᠡᠭᠦᠯᠬᠦ ᠶᠢ ᠪᠠᠲᠤᠯᠠᠬᠤ ᠪᠤᠯᠤᠨ᠎ᠠ᠃ ᠡᠶᠢᠮᠦ ᠠᠴᠠ ᠬᠤᠨᠤᠭ ᠤᠨ ᠲᠡᠵᠢᠭᠡᠯ ᠢ ᠢᠳᠡᠭᠦᠰᠢ ᠴᠢᠨᠠᠷ ᠲᠠᠢ᠂ ᠶᠠᠩᠵᠤ ᠤᠯᠠᠨ᠂ ᠵᠣᠬᠢᠰᠲᠠᠢ ᠲᠤᠬᠢᠷᠠᠭᠤᠯᠤᠨ᠂ ᠰᠢᠩᠭᠡᠭᠡᠬᠦ ᠳᠤ ᠠᠮᠠᠷ᠂ ᠰᠢᠮ᠎ᠡ ᠲᠡᠵᠢᠭᠡᠯ ᠡᠯᠪᠡᠭ ᠪᠠᠶᠢᠯᠭᠠᠨ᠎ᠠ᠃ ᠡᠪᠦᠯ ᠤᠨ ᠤᠯᠠᠷᠢᠯ ᠳᠤ ᠬᠠᠰᠢᠶᠠᠯᠠᠨ ᠲᠡᠵᠢᠭᠡᠬᠦ ᠳᠤ ᠶᠡᠷᠦ ᠳᠡᠭᠡᠨ ᠬᠠᠭᠤᠷᠠᠢ ᠡᠪᠡᠰᠦ᠂ ᠳᠣᠲᠣᠷᠭᠠᠨ ᠰᠦᠷᠡᠯ ᠵᠡᠷᠭᠡ ᠪᠦᠳᠦᠭᠦᠯᠢᠭ ᠡᠪᠡᠰᠦ ᠪᠠᠷ ᠭᠤᠤᠯᠯᠠᠭᠤᠯᠵᠦ ᠲᠡᠵᠢᠭᠡᠬᠦ ᠲᠤᠯᠠ ᠪᠣᠷᠳᠤᠭ᠎ᠠ ᠲᠤᠬᠢᠷᠠᠭᠤᠯᠬᠤ ᠶᠢ ᠠᠩᠬᠠᠷᠴᠤ᠂ ᠬᠠᠮᠤᠭ ᠰᠠᠶᠢᠨ ᠨᠢ ᠰᠢᠪᠲᠦᠷᠵᠢᠭᠦᠯᠦᠭᠰᠡᠨ ᠪᠣᠷᠳᠤᠭ᠎ᠠ ᠪᠠᠷ ᠲᠡᠵᠢᠭᠡᠨ᠎ᠡ᠂ ᠢᠩᠭᠢᠪᠡᠯ ᠢᠳᠡᠭᠦᠰᠢ ᠴᠢᠨᠠᠷ ᠢ ᠳᠡᠭᠡᠭᠰᠢᠯᠡᠭᠦᠯᠵᠦ ᠴᠢᠳᠠᠬᠤ ᠪᠦᠭᠡᠳ ᠪᠠᠰᠠ ᠰᠢᠮ᠎ᠡ ᠲᠡᠵᠢᠭᠡᠯ ᠢ ᠨᠡᠮᠡᠭᠳᠡᠭᠦᠯᠵᠦ ᠴᠢᠳᠠᠨ᠎ᠠ᠃ ᠡᠳᠦᠷ ᠪᠦᠷᠢ 1~2 ᠺᠢᠯᠣᠭ᠍ᠷᠠᠮ ᠨᠠᠷᠢᠯᠢᠭ ᠪᠣᠷᠳᠤᠭ᠎ᠠ ᠨᠥᠬᠦᠪᠦᠷᠢᠯᠡᠨ ᠲᠡᠵᠢᠭᠡᠵᠦ᠂ ᠨᠥᠬᠦᠴᠡᠯ ᠲᠠᠢ ᠪᠣᠯ ᠬᠤᠯᠢᠮᠠᠭ ᠨᠠᠷᠢᠯᠢᠭ ᠪᠣᠷᠳᠤᠭ᠎ᠠ ᠪᠠᠷ ᠲᠡᠵᠢᠭᠡᠵᠦ ᠪᠣᠯᠣᠨ᠎ᠠ᠂ ᠨᠠᠶᠢᠷᠠᠭᠤᠯᠬᠤ ᠬᠠᠷᠢᠴᠠᠯ ᠨᠢ᠂ ᠡᠷᠳᠡᠨᠢ ᠰᠢᠰᠢ 30%᠂ ᠳ᠋ᠸᠤᠪᠢᠩ 20%᠂ ᠳᠣᠲᠣᠷᠭ᠎ᠠ 15%᠂ ᠬᠦᠪᠦᠩ ᠤᠨ ᠦᠷ᠎ᠡ ᠶᠢᠨ ᠰᠢᠭᠠᠷᠤ 15%᠂ ᠨᠣᠭᠤᠭ᠎ᠠ ᠶᠢᠨ ᠦᠷ᠎ᠡ ᠶᠢᠨ ᠰᠢᠭᠠᠷᠤ 5%᠂ ᠠᠭ᠎ᠠ 15% ᠪᠤᠯᠤᠨ᠎ᠠ᠂ ᠪᠠᠰᠠ ᠵᠣᠬᠢᠬᠤ ᠬᠡᠮᠵᠢᠶᠡᠨ ᠤ ᠶᠠᠰᠤᠨ ᠨᠤᠨᠳᠠᠭ ᠪᠠ ᠬᠤᠭᠤᠯᠠᠨ ᠤ ᠳᠠᠪᠤᠰᠤ ᠨᠡᠮᠡᠵᠦ᠂ ᠴᠠᠭ ᠲᠤᠭᠲᠠᠭᠠᠨ᠂ ᠬᠡᠮᠵᠢᠶ᠎ᠡ ᠲᠤᠭᠲᠠᠭᠠᠨ᠂ ᠪᠠᠭ᠎ᠠ ᠬᠡᠮᠵᠢᠶ᠎ᠡ ᠪᠠᠷ ᠤᠯᠠᠨ ᠤᠳᠠᠭ᠎ᠠ ᠨᠡᠮᠡᠵᠦ᠂ ᠸᠠᠯᠠᠭᠰᠠᠨ ᠪᠣᠷᠳᠤᠭ᠎ᠠ ᠪᠠᠷ ᠲᠡᠵᠢᠭᠡᠵᠦ ᠪᠣᠯᠬᠤ ᠦᠭᠡᠢ᠃ ᠬᠠᠮᠳᠤ ᠳᠤᠨᠢ ᠭᠦᠢᠴᠡᠳ ᠬᠡᠮᠵᠢᠶᠡᠨ ᠤ ᠰᠢᠯᠢᠳᠡᠭ ᠬᠠᠭᠤᠷᠠᠢ ᠡᠪᠡᠰᠦ ᠪᠠ ᠵᠣᠬᠢᠬᠤ ᠬᠡᠮᠵᠢᠶᠡᠨ ᠤ ᠪᠠᠵᠢᠮᠠᠭ᠂ ᠬᠤᠯᠤᠤᠪᠠᠩ᠂ ᠲᠦᠮᠦᠰᠦ ᠵᠡᠷᠭᠡ ᠰᠢᠭᠦᠰᠦᠯᠢᠭ ᠪᠣᠷᠳᠤᠭ᠎ᠠ ᠪᠠᠷ ᠲᠡᠵᠢᠭᠡᠨ᠎ᠡ᠃ ᠬᠡᠷᠪᠡ ᠬᠥᠬᠡ ᠲᠠᠷᠤᠰᠢ ᠪᠤᠷᠳᠤᠭ᠎ᠠ ᠪᠠᠶᠢᠪᠠᠯ ᠬᠥᠬᠡ ᠲᠠᠷᠤᠰᠢ ᠪᠤᠷᠳᠤᠭ᠎ᠠ ᠪᠠᠷ ᠭᠤᠤᠯᠯᠠᠭᠤᠯᠵᠦ᠂ ᠲᠡᠵᠢᠭᠡᠬᠦ ᠬᠡᠮᠵᠢᠶ᠎ᠡ ᠶᠢ ᠢᠳᠡᠭ ᠢᠳᠡᠭ ᠢᠶᠠᠷ ᠨᠡᠮᠡᠭᠳᠡᠭᠦᠯᠦᠨ᠂ ᠡᠳᠦᠷ ᠪᠦᠷᠢ 15 ᠺᠢᠯᠣᠭ᠍ᠷᠠᠮ ᠤᠷᠴᠢᠮ ᠬᠦᠷᠲᠡᠯ᠎ᠡ ᠨᠡᠮᠡᠨ᠎ᠡ᠃ ᠡᠭᠦᠨ ᠠᠴᠠ ᠭᠠᠳᠠᠨ᠎ᠠ᠂ ᠲᠡᠵᠢᠭᠡᠬᠦ ᠤᠳᠠᠭ᠎ᠠ ᠶᠢ ᠪᠠᠰᠠ ᠵᠤᠬᠢᠰᠲᠠᠢ ᠨᠡᠮᠡᠭᠳᠡᠭᠦᠯᠦᠨ᠂ ᠰᠠᠭᠠᠯᠢ ᠶᠢᠨ ᠦᠨᠢᠶᠡᠨ ᠤ ᠢᠳᠡᠰᠢᠯᠡᠬᠦ ᠬᠡᠮᠵᠢᠶ᠎ᠡ ᠶᠢ ᠨᠡᠮᠡᠭᠳᠡᠭᠦᠯᠦᠨ᠎ᠡ᠃ ᠬᠡᠷᠪᠡ ᠤᠭᠤᠷᠠᠭᠲᠤ ᠪᠤᠷᠳᠤᠭ᠎ᠠ ᠨᠥᠬᠦᠪᠦᠷᠢᠯᠡᠬᠦ ᠳᠤ ᠬᠦᠷᠪᠡᠯ᠂ ᠰᠢᠭᠡᠰᠦᠯᠢᠭ ᠡᠳ᠋ ᠨᠦᠬᠦᠪᠦᠷᠢᠯᠡᠵᠦ ᠪᠠᠶᠢᠭᠠᠳ ᠤᠭᠤᠷᠠᠭᠲᠤ ᠪᠤᠷᠳᠤᠭᠠᠨ ᠳᠤ ᠤᠭᠤᠷᠠᠭ ᠬᠦᠷᠦᠯᠴᠡᠬᠦ ᠦᠭᠡᠢ ᠪᠠᠶᠢᠳᠠᠯ ᠢ ᠨᠦᠬᠦᠪᠦᠷᠢᠯᠡᠨ᠎ᠡ᠂ 100 ᠺᠢᠯᠣᠭ᠍ᠷᠠᠮ ᠪᠦᠷᠢ ᠪᠡᠶ᠎ᠡ ᠶᠢᠨ ᠬᠦᠨᠳᠦ ᠳᠤ 40 ᠭᠷᠡᠮ ᠨᠥᠬᠦᠪᠦᠷᠢᠯᠡᠪᠡᠯ ᠵᠣᠬᠢᠰᠲᠠᠢ᠃ ᠴᠡᠪᠡᠷ ᠤᠰᠤ ᠪᠠᠷ ᠤᠰᠤᠯᠠᠵᠤ᠂ ᠦᠯᠦᠨ ᠢᠶᠠᠷ ᠪᠠ ᠮᠦᠰᠦ ᠴᠠᠰᠤ ᠲᠠᠢ ᠤᠰᠤ ᠪᠠᠷ ᠤᠰᠤᠯᠠᠬᠤ ᠦᠭᠡᠢ᠂ ᠬᠠᠮᠤᠭ ᠰᠠᠶᠢᠨ ᠨᠢ ᠪᠦᠯᠢᠶᠡᠨ ᠤᠰᠤ ᠪᠠᠷ ᠤᠰᠤᠯᠠᠨ᠎ᠠ᠃ ᠰᠠᠭᠠᠯᠢ ᠶᠢᠨ ᠦᠨᠢᠶᠡᠨ ᠤ ᠰᠦᠨ ᠭᠠᠷᠤᠯᠲᠠ ᠨᠢ ᠲᠡᠭᠦᠨ ᠤ ᠤᠰᠤᠨ ᠤ ᠲᠤᠯᠠᠭᠠᠨ ᠲᠠᠢ ᠨᠢᠭᠲᠠ ᠬᠠᠷᠢᠴᠠᠭ᠎ᠠ ᠲᠠᠢ ᠪᠠᠶᠢᠳᠠᠭ᠂ ᠤᠰᠤᠯᠠᠬᠤ ᠤᠰᠤᠨ ᠤ ᠲᠤᠯᠠᠭᠠᠨ ᠨᠢ 10℃ ᠪᠣᠯ ᠡᠳᠦᠷ ᠪᠦᠷᠢ 24.5 ᠺᠢᠯᠣᠭ᠍ᠷᠠᠮ ᠰᠦ ᠭᠠᠷᠤᠨ᠎ᠠ︔ ᠤᠰᠤᠯᠠᠬᠤ ᠤᠰᠤᠨ ᠤ ᠲᠤᠯᠠᠭᠠᠨ ᠨᠢ 24℃ ᠪᠣᠯ 24.6 ᠺᠢᠯᠣᠭ᠍ᠷᠠᠮ ᠰᠦ ᠭᠠᠷᠤᠨ᠎ᠠ︔ ᠤᠰᠤᠯᠠᠬᠤ ᠤᠰᠤᠨ ᠤ ᠲᠤᠯᠠᠭᠠᠨ ᠨᠢ 17℃ ᠪᠣᠯ 24.8 ᠺᠢᠯᠣᠭ᠍ᠷᠠᠮ ᠰᠦ ᠭᠠᠷᠤᠨ᠎ᠠ᠂ ᠤᠰᠤᠯᠠᠬᠤ ᠤᠰᠤᠨ ᠤ ᠲᠤᠯᠠᠭᠠᠨ ᠨᠢ 17℃ ᠪᠠᠶᠢᠪᠠᠯ ᠰᠦᠨ ᠭᠠᠷᠤᠯᠲᠠ ᠨᠢ ᠬᠠᠮᠤᠭ ᠤᠨ ᠥᠨᠳᠥᠷ ᠪᠠᠶᠢᠬᠤ ᠨᠢ ᠢᠯᠡᠷᠭᠡᠢ ᠪᠠᠶᠢᠯ᠎ᠠ᠃ ᠣᠷᠴᠢᠨ ᠲᠣᠭᠤᠷᠢᠨ ᠢ ᠲᠤᠬᠢᠷᠠᠭᠤᠯᠵᠦ ᠡᠵᠡᠮᠰᠢᠬᠦ ᠰᠠᠭᠠᠯᠢ ᠶᠢᠨ ᠦᠨᠢᠶ᠎ᠡ ᠨᠢ ᠬᠦᠢᠲᠡᠨ ᠳᠤ ᠲᠡᠰᠪᠦᠷᠢᠲᠡᠢ ᠪᠣᠯᠪᠠᠴᠤ ᠪᠠᠰᠠ ᠬᠦᠢᠲᠡᠨ ᠠᠴᠠ ᠰᠡᠷᠭᠡᠶᠢᠯᠡᠵᠦ ᠳᠤᠯᠠᠭᠠᠯᠠᠬᠤ ᠶᠢ ᠠᠩᠬᠠᠷᠤᠨ᠎ᠠ᠃ ᠳᠤᠯᠠᠭᠠᠯᠠᠬᠤ ᠬᠠᠰᠢᠶ᠎ᠠ ᠰᠠᠷᠠᠪᠴᠢ ᠪᠣᠰᠬᠠᠵᠤ᠂ ᠰᠤᠯᠠ ᠪᠠᠷ ᠲᠡᠵᠢᠭᠡᠬᠦ ᠦᠭᠡᠢ᠂ ᠦᠨᠢᠶ᠎ᠡ ᠶᠢᠨ ᠪᠡᠶ᠎ᠡ ᠶᠢᠨ ᠢᠯᠴᠢ ᠶᠢᠨ ᠰᠠᠷᠨᠢᠯᠲᠠ ᠶᠢ ᠪᠠᠭᠠᠰᠬᠠᠨ᠎ᠠ᠃ ᠦᠨᠢᠶ᠎ᠡ ᠶᠢᠨ ᠬᠠᠰᠢᠶᠠᠨ ᠳᠤ ᠬᠤᠯᠠᠭᠠᠢ ᠰᠠᠯᠬᠢ ᠤᠷᠤᠭᠤᠯᠬᠤ ᠦᠭᠡᠢ᠂ ᠳᠤᠯᠠᠭᠠᠯᠠᠬᠤ ᠶᠢ ᠠᠩᠬᠠᠷᠤᠨ᠎ᠠ᠃ ᠬᠠᠰᠢᠶ᠎ᠠ ᠰᠠᠷᠠᠪᠴᠢ ᠶᠢᠨ ᠵᠠᠢ ᠵᠠᠪᠰᠠᠷ ᠢ ᠪᠦᠭᠯᠡᠵᠦ᠂ ᠨᠠᠷᠠ ᠥᠭᠡᠳᠡ ᠬᠠᠨᠳᠤᠭᠰᠠᠨ ᠰᠠᠯᠬᠢ ᠳᠠᠯᠳᠠ᠂ ᠪᠣᠷᠣᠭᠠᠨ ᠭᠤᠭᠤᠵᠢᠬᠤ ᠦᠭᠡᠢ᠂ ᠴᠢᠬᠢᠭ ᠦᠭᠡᠢ ᠪᠠᠶᠢᠵᠦ᠂ ᠰᠡᠭᠡᠯ ᠡᠪᠡᠰᠦ ᠶᠢ ᠦᠷᠭᠦᠯᠵᠢ ᠰᠤᠯᠢᠨ᠎ᠠ᠃ ᠬᠡᠭᠡᠯ ᠲᠠᠢ ᠦᠨᠢᠶ᠎ᠡ ᠶᠢ ᠰᠠᠯᠭᠠᠵᠦ ᠲᠡᠵᠢᠭᠡᠨ᠂ ᠰᠢᠬᠠᠭᠳᠠᠵᠤ ᠢᠰᠭᠦᠯᠡᠭᠳᠡᠨ ᠬᠡᠭᠡᠯ ᠬᠠᠶᠠᠬᠤ ᠠᠴᠠ ᠪᠤᠯᠭᠤᠮᠵᠢᠯᠠᠨ᠎ᠠ︔ ᠪᠡᠶ᠎ᠡ ᠭᠦᠢᠴᠡᠭᠰᠡᠨ ᠦᠨᠢᠶ᠎ᠡ ᠶᠢᠨ ᠬᠠᠰᠢᠶᠠᠨ ᠤ ᠳᠤᠯᠠᠭᠠᠨ ᠢ 6℃ ᠠᠴᠠ ᠳᠡᠭᠡᠭᠰᠢ ᠪᠠᠶᠢᠯᠭᠠᠨ᠎ᠠ︔ ᠪᠤᠶᠢᠵᠢᠭᠤᠯᠬᠤ ᠦᠨᠢᠶ᠎ᠡ ᠶᠢᠨ ᠬᠠᠰᠢᠶᠠᠨ ᠤ ᠳᠤᠯᠠᠭᠠᠨ ᠢ 5℃ ᠠᠴᠠ ᠳᠡᠭᠡᠭᠰᠢ ᠪᠠᠶᠢᠯᠭᠠᠨ᠎ᠠ᠃ ᠬᠠᠬᠢᠷ ᠬᠦᠢᠲᠡᠨ ᠦᠶᠡᠰ ᠦᠨᠢᠶ᠎ᠡ ᠶᠢᠨ ᠬᠡᠪᠲᠡᠷᠢ ᠳᠤ ᠬᠠᠪᠲᠠᠰᠤ ᠪᠠ ᠰᠡᠭᠡᠯ ᠡᠪᠡᠰᠦ ᠳᠡᠪᠢᠰᠦᠨ᠂ ᠤᠨᠴᠠᠭᠠᠶᠢᠯᠠᠨ ᠳᠡᠯᠡᠩ ᠤᠨ ᠳᠣᠣᠷ᠎ᠠ ᠨᠢ ᠵᠤᠵᠠᠭᠠᠨ ᠰᠡᠭᠡᠯ ᠡᠪᠡᠰᠦ ᠳᠡᠪᠢᠰᠬᠦ ᠶᠢ ᠨᠡᠩ ᠠᠩᠬᠠᠷᠴᠦ᠂ ᠰᠦᠨ ᠭᠠᠷᠤᠯᠲᠠ ᠶᠢ ᠨᠦᠯᠦᠭᠡᠯᠡᠬᠦ ᠪᠤᠶᠤ ᠳᠡᠯᠡᠩ ᠤᠨ ᠦᠷᠪᠢᠰᠦᠯ ᠳᠤ ᠨᠡᠷᠪᠡᠭᠳᠡᠬᠦ ᠠᠴᠠ ᠰᠡᠷᠭᠡᠶᠢᠯᠡᠨ᠎ᠡ᠃ ᠡᠪᠦᠯ ᠤᠨ ᠤᠯᠠᠷᠢᠯ ᠳᠤ ᠦᠨᠢᠶ᠎ᠡ ᠶᠢᠨ ᠬᠠᠰᠢᠶ᠎ᠠ ᠰᠠᠷᠠᠪᠴᠢ ᠨᠢ ᠬᠦᠢᠲᠡᠨ ᠴᠢᠬᠢᠭ ᠲᠠᠢ ᠪᠣᠯ ᠤᠷᠳᠤ ᠴᠠᠭ ᠢᠶᠠᠷ ᠳᠣᠲᠣᠷ᠎ᠠ ᠨᠢ ᠤᠶᠠᠪᠠᠯ᠂ ᠦᠶ᠎ᠡ ᠬᠡᠰᠢᠭᠦᠦ ᠶᠢᠨ ᠬᠡᠷᠡᠮᠡᠯ ᠭᠡᠮ ᠵᠡᠷᠭᠡ ᠳᠤ ᠠᠮᠠᠷᠬᠠᠨ ᠨᠡᠷᠪᠡᠭᠳᠡᠬᠦ ᠪᠤᠯᠤᠨ᠎ᠠ᠃ ᠲᠤᠩᠭᠠᠯᠠᠭ ᠡᠳᠦᠷ ᠤᠨ ᠦᠳᠡ ᠳᠤ ᠦᠨᠢᠶ᠎ᠡ ᠶᠢ ᠬᠠᠰᠢᠶᠠᠨ ᠠᠴᠠ ᠭᠠᠷᠭᠠᠵᠦ ᠬᠥᠳᠡᠯᠭᠡᠭᠡᠨ ᠬᠢᠯᠭᠡᠬᠦ ᠪᠠ ᠨᠠᠷᠠᠨ ᠳᠤ ᠡᠭᠡᠭᠡᠯᠭᠡᠨᠡ᠂ ᠰᠠᠭᠠᠯᠢ ᠶᠢᠨ ᠦᠨᠢᠶ᠎ᠡ ᠶᠢ ᠡᠳᠦᠷ ᠪᠦᠷᠢ 2~3 ᠴᠠᠭ ᠨᠠᠷᠠᠨ ᠳᠤ ᠡᠭᠡᠭᠡᠯᠭᠡᠨ ᠳᠤᠯᠠᠭᠠᠯᠠᠵᠤ ᠴᠢᠰᠦᠨ ᠭᠦᠶᠦᠳᠡᠯ ᠢ ᠰᠠᠶᠢᠵᠢᠷᠠᠭᠤᠯᠤᠨ᠎ᠠ᠂ ᠤᠷᠲᠤ ᠬᠤᠭᠤᠴᠠᠭ᠎ᠠ ᠵᠣᠭᠰᠣᠭᠠᠵᠤ ᠬᠥᠳᠡᠯᠭᠡᠬᠦ ᠦᠭᠡᠢ ᠪᠠᠶᠢᠯᠭᠠᠵᠦ ᠪᠣᠯᠬᠤ ᠦᠭᠡᠢ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠲᠦᠷᠭᠡᠳᠬᠡᠨ᠂ ᠬᠦᠢᠲᠡᠨ ᠢ ᠳᠠᠭᠠᠭᠠᠬᠤ ᠴᠢᠳᠠᠪᠤᠷᠢ ᠶᠢ ᠨᠡᠮᠡᠭᠳᠡᠭᠦᠯᠦᠨ᠎ᠡ᠃ ᠬᠠᠬᠢᠷ ᠬᠦᠢᠲᠡᠨ ᠡᠪᠦᠯ ᠤᠨ ᠤᠯᠠᠷᠢᠯ ᠳᠤ ᠦᠨᠢᠶ᠎ᠡ ᠶᠢᠨ ᠪᠡᠶ᠎ᠡ ᠶᠢ ᠬᠠᠮᠠᠭᠠᠯᠠᠬᠤ ᠪᠠᠨ ᠴᠢᠩᠭᠠᠳᠬᠠᠵᠤ᠂ ᠭᠠᠳᠠᠨ᠎ᠠ ᠬᠠᠷᠢᠭᠤᠯᠬᠤ ᠪᠤᠶᠤ ᠬᠥᠳᠡᠯᠭᠡᠭᠡᠨ ᠬᠢᠯᠭᠡᠬᠦ ᠭᠡᠰᠡᠨ ᠦᠭᠡᠢ ᠠᠮᠠᠷᠬᠠᠨ ᠬᠦᠯᠳᠡᠵᠦ ᠰᠢᠷᠬᠠᠲᠤᠬᠤ ᠬᠡᠰᠡᠭ᠂ ᠵᠢᠱᠢᠶᠠᠯᠠᠪᠠᠯ ᠴᠢᠬᠢ᠂ ᠳᠡᠯᠡᠩ᠂ ᠳᠡᠯᠡᠩ ᠤᠨ ᠲᠣᠪᠴᠢ ᠵᠡᠷᠭᠡ ᠳᠤ ᠸᠠᠽᠧᠯᠢᠨ᠂ ᠭᠠᠭ᠋ᠠᠢ ᠶᠢᠨ ᠲᠣᠰᠣ ᠵᠡᠷᠭᠡ ᠶᠢ ᠲᠦᠷᠬᠢᠵᠦ ᠬᠠᠮᠠᠭᠠᠯᠠᠨ᠎ᠠ᠃ ᠰᠦ ᠱᠦᠭᠦᠷᠡᠭᠦᠯᠵᠦ ᠪᠠᠶᠢᠭ᠎ᠠ ᠦᠨᠢᠶ᠎ᠡ ᠪᠠ ᠰᠦ ᠰᠢᠷᠭᠢᠭᠰᠡᠨ ᠦᠨᠢᠶ᠎ᠡ ᠭᠡᠰᠡᠨ ᠦᠭᠡᠢ ᠪᠦᠷ ᠬᠦᠪᠦᠩ ᠬᠥᠬᠦᠪᠴᠢ ᠵᠡᠭᠦᠯᠭᠡᠪᠡᠯ ᠲᠤᠩ ᠰᠠᠶᠢᠨ ᠪᠠᠶᠢᠳᠠᠭ᠃ ᠬᠠᠰᠢᠶᠠᠨ ᠳᠤ ᠴᠢᠯᠦᠭᠡᠲᠡᠢ ᠬᠡᠪᠲᠡᠬᠦ ᠣᠷᠣ ᠪᠠᠷᠢᠬᠤ ᠪᠦᠭᠡᠳ ᠲᠡᠭᠡᠷ᠎ᠡ ᠨᠢ ᠵᠤᠵᠠᠭᠠᠨ ᠰᠢᠭ ᠳᠡᠪᠢᠰᠭᠡᠷ ᠡᠪᠡᠰᠦ ᠳᠡᠪᠢᠰᠴᠦ᠂ ᠰᠠᠭᠠᠯᠢ ᠶᠢᠨ ᠦᠨᠢᠶ᠎ᠡ ᠳᠤ ᠲᠠᠭᠠᠲᠠᠢ ᠲᠡᠵᠢᠭᠡᠬᠦ ᠤᠷᠴᠢᠨ ᠢ ᠪᠦᠷᠢᠯᠳᠦᠭᠦᠯᠵᠦ ᠦᠭᠭᠦᠨ᠎ᠡ᠃ ᠡᠪᠦᠯ ᠤᠨ ᠤᠯᠠᠷᠢᠯ ᠳᠤ ᠠᠷᠤ ᠲᠠᠯ᠎ᠠ ᠶᠢᠨ ᠡᠭᠦᠳᠡ ᠴᠣᠩᠬᠤ ᠶᠢ ᠴᠢᠩᠭ᠎ᠠ ᠪᠦᠭᠯᠡᠵᠦ᠂ ᠬᠤᠯᠠᠭᠠᠢ ᠰᠠᠯᠬᠢᠨ ᠠᠴᠠ ᠰᠡᠷᠭᠡᠶᠢᠯᠡᠨ᠂ ᠬᠥᠳᠡᠯᠭᠡᠭᠡᠨ ᠤ ᠲᠠᠯᠠᠪᠠᠢ ᠶᠢᠨ ᠠᠷᠤ ᠲᠠᠯ᠎ᠠ ᠳᠤ ᠰᠠᠯᠬᠢᠨ ᠤ ᠬᠠᠯᠬᠠᠪᠴᠢ ᠪᠤᠰᠬᠠᠨ᠎ᠠ᠃ ᠳᠡᠯᠡᠩ ᠢ ᠰᠤᠪᠢᠯᠠᠬᠤ ᠡᠪᠦᠯ ᠤᠨ ᠤᠯᠠᠷᠢᠯ ᠳᠤ ᠳᠤᠯᠠᠭᠠᠨ ᠤ ᠬᠡᠮᠵᠢᠶ᠎ᠡ ᠳᠣᠣᠷ᠎ᠠ ᠠᠴᠠ ᠰᠠᠭᠠᠯᠢ ᠶᠢᠨ ᠦᠨᠢᠶ᠎ᠡ ᠶᠢᠨ ᠳᠡᠯᠡᠩ ᠤᠨ ᠳᠤᠯᠠᠭᠠᠨ ᠤ ᠬᠡᠮᠵᠢᠶ᠎ᠡ ᠨᠢ ᠴᠤ ᠳᠣᠣᠷ᠎ᠠ ᠪᠣᠯᠵᠤ᠂ ᠴᠢᠰᠤᠨ ᠤ ᠡᠷᠭᠢᠯᠲᠡ ᠨᠢ ᠮᠠᠭᠤ ᠪᠣᠯᠳᠠᠭ᠂ ᠡᠨᠡ ᠦᠶᠡᠰ ᠬᠠᠯᠠᠭᠤᠨ ᠤᠰᠤᠨ ᠳᠤ ᠨᠣᠷᠭᠠᠭᠰᠠᠨ ᠠᠯᠴᠢᠭᠤᠷ ᠢᠶᠠᠷ ᠳᠡᠯᠡᠩ ᠢ ᠵᠦᠯᠭᠦᠬᠦ ᠪᠠ ᠢᠯᠢᠵᠦ ᠪᠠᠶᠢᠭᠠᠳ ᠰᠦ ᠱᠦᠭᠦᠷᠡᠯᠲᠠ ᠶᠢ ᠰᠡᠲᠡᠵᠦ ᠠᠬᠢᠭᠤᠯᠤᠨ᠎ᠠ᠂ ᠤᠰᠤᠨ ᠤ ᠳᠤᠯᠠᠭᠠᠨ ᠢ 40℃~45℃ ᠪᠠᠶᠢᠯᠭᠠᠪᠠᠯ ᠵᠣᠬᠢᠰᠲᠠᠢ᠃ ᠳᠡᠯᠡᠩ ᠤᠨ ᠬᠠᠭᠠᠷᠠᠬᠤ ᠪᠤᠶᠤ ᠬᠥᠯᠳᠡᠬᠦ ᠠᠴᠠ ᠰᠡᠷᠭᠡᠶᠢᠯᠡᠵᠦ ᠡᠮᠲᠦ ᠤᠬᠢᠶᠠᠯ ᠬᠢᠬᠦ ᠦᠶ᠎ᠡ ᠳᠤ ᠳᠡᠯᠡᠩ ᠤᠨ ᠦᠵᠦᠭᠦᠷ ᠢ ᠯᠠ ᠡᠮ ᠤᠨ ᠰᠢᠩᠭᠡᠨ ᠳᠤ ᠤᠷᠤᠭᠤᠯᠪᠠᠯ ᠪᠣᠯᠴᠢᠬᠠᠨ᠎ᠠ᠂ ᠴᠠᠭ ᠢ 30 ᠮᠢᠨᠦ᠋ᠲ ᠲᠤ ᠬᠢᠵᠠᠭᠠᠷᠯᠠᠵᠤ᠂ ᠨᠢᠭᠡ ᠯᠠ ᠤᠳᠠᠭ᠎ᠠ ᠬᠡᠷᠡᠭᠯᠡᠬᠦ ᠴᠠᠭᠠᠰᠤ ᠪᠠᠷ ᠭᠠᠳᠠᠭᠤᠷᠬᠢ ᠢᠯᠡᠭᠦᠳᠡᠭᠰᠡᠨ ᠡᠮ ᠢ ᠠᠷᠴᠢᠵᠦ᠂ ᠳᠡᠯᠡᠩ ᠢ ᠰᠠᠭᠠᠬᠤ ᠠᠴᠠ ᠡᠮᠦᠨ᠎ᠡ ᠬᠠᠲᠠᠭᠰᠠᠨ ᠪᠠᠶᠢᠬᠤ ᠶᠢ ᠪᠠᠲᠤᠯᠠᠨ᠎ᠠ᠃ ᠡᠭᠦᠨ ᠠᠴᠠ ᠭᠠᠳᠠᠨ᠎ᠠ᠂ ᠬᠡᠷᠪᠡ ᠳᠡᠯᠡᠩ ᠳᠤ ᠳᠤᠯᠠᠭᠠᠯᠠᠬᠤ ᠡᠮᠲᠦ ᠤᠬᠢᠶᠠᠯ ᠬᠢᠪᠡᠯ ᠬᠠᠲᠠᠬᠤ ᠴᠠᠭ ᠨᠢ ᠢᠯᠡᠷᠭᠡᠢ ᠪᠤᠭᠤᠨᠢᠰᠬᠤ ᠪᠤᠯᠤᠨ᠎ᠠ᠃ ᠭᠠᠳᠠᠨᠠᠬᠢ ᠳᠤᠯᠠᠭᠠᠨ -12℃ ᠠᠴᠠ ᠳᠣᠷᠣᠭᠰᠢ ᠪᠠᠶᠢᠬᠤ ᠪᠦᠭᠡᠳ ᠶᠡᠭᠡ ᠰᠠᠯᠬᠢ ᠲᠠᠢ ᠦᠶᠡᠰ ᠳᠡᠯᠡᠩ ᠳᠤ ᠡᠮᠲᠦ ᠤᠬᠢᠶᠠᠯ ᠬᠢᠬᠦ ᠪᠠᠨ ᠬᠠᠮᠤᠭ ᠤᠨ ᠰᠠᠶᠢᠨ ᠨᠢ ᠵᠣᠭᠰᠣᠨ᠎ᠠ᠂ ᠡᠭᠦᠨ ᠤ ᠤᠴᠢᠷ ᠨᠢ ᠳᠣᠣᠷ᠎ᠠ ᠳᠣᠯᠠᠭᠠᠨ ᠳᠤ ᠭᠡᠮ ᠡᠭᠦᠰᠭᠡᠬᠦ ᠮᠢᠺᠷᠣᠪ ᠤᠨ ᠬᠥᠳᠡᠯᠭᠡᠭᠡᠨ ᠨᠢ ᠢᠯᠡᠷᠬᠡᠢ ᠪᠠᠭᠤᠷᠠᠬᠤ ᠠᠴᠠ ᠪᠣᠯᠵᠠᠢ᠃ ᠰᠠᠭᠠᠯᠢ ᠶᠢᠨ ᠦᠨᠢᠶ᠎ᠡ ᠶᠢ ᠤᠳᠠᠭ᠎ᠠ ᠪᠦᠷᠢ ᠰᠠᠭᠠᠵᠤ ᠪᠠᠷᠠᠭᠰᠠᠨ ᠤ ᠳᠠᠷᠠᠭ᠎ᠠ ᠸᠠᠽᠧᠯᠢᠨ ᠢ ᠳᠡᠯᠡᠩ ᠳᠡᠭᠡᠷ᠎ᠡ ᠨᠢ ᠲᠦᠷᠬᠢᠵᠦ᠂ ᠬᠦᠯᠳᠡᠵᠦ ᠰᠢᠷᠬᠠᠲᠤᠬᠤ ᠠᠴᠠ ᠰᠡᠷᠭᠡᠶᠢᠯᠡᠨ᠎ᠡ᠃ ᠰᠠᠭᠠᠯᠢ ᠶᠢᠨ ᠦᠨᠢᠶ᠎ᠡ ᠨᠢ ᠲᠤᠭᠤᠯᠯᠠᠭᠰᠠᠨ ᠡᠬᠢᠨ ᠤ ᠬᠤᠭᠤᠴᠠᠭᠠᠨ ᠳᠤ ᠳᠡᠯᠡᠩ ᠨᠢ ᠠᠮᠠᠷᠬᠠᠨ ᠬᠠᠪᠤᠳᠴᠦ ᠬᠠᠭᠠᠷᠠᠬᠤ ᠪᠤᠶᠤ ᠬᠥᠯᠳᠡᠳᠡᠭ᠂ ᠡᠨᠡ ᠦᠶᠡᠰ ᠡᠪᠦᠯ ᠤᠨ ᠤᠯᠠᠷᠢᠯ ᠳᠤ ᠲᠤᠰᠬᠠᠢ ᠬᠡᠷᠡᠭᠯᠡᠬᠦ ᠡᠮᠲᠦ ᠤᠬᠢᠶᠠᠯ ᠤᠨ ᠰᠢᠩᠭᠡᠨ ᠢ ᠰᠣᠩᠭᠤᠨ ᠬᠡᠷᠡᠭᠯᠡᠵᠦ ᠪᠣᠯᠣᠨ᠎ᠠ᠃ ᠬᠡᠷᠡᠭᠯᠡᠬᠦ ᠡᠮᠲᠦ ᠤᠬᠢᠶᠠᠯ ᠤᠨ ᠰᠢᠩᠭᠡᠨ ᠤ ᠬᠦᠯᠳᠡᠵᠦ ᠴᠠᠷᠴᠠᠭᠰᠠᠨ ᠦᠭᠡᠢ ᠪᠠᠶᠢᠬᠤ ᠶᠢ ᠪᠠᠲᠤᠯᠠᠨ᠎ᠠ᠂ ᠡᠰᠡ ᠲᠡᠭᠡᠪᠡᠰᠦ ᠲᠡᠭᠦᠨ ᠳᠤ ᠠᠭᠤᠯᠬᠤ ᠡᠮ ᠤᠨ ᠪᠦᠷᠢᠯᠳᠦᠭᠦᠨ ᠨᠢ ᠵᠠᠳᠠᠷᠠᠵᠤ ᠭᠡᠳᠡᠷᠭᠦ ᠪᠠᠨ ᠳᠡᠯᠡᠩ ᠤᠨ ᠪᠣᠯᠴᠢᠷᠬᠠᠢ ᠶᠢ ᠰᠡᠲᠡᠨᠡ᠂ ᠬᠡᠷᠪᠡ ᠡᠮᠲᠦ ᠤᠬᠢᠶᠠᠯ ᠤᠨ ᠰᠢᠩᠭᠡᠨ ᠨᠢ ᠨᠢᠭᠡᠨᠲᠡ ᠬᠦᠯᠳᠡᠵᠦ ᠴᠠᠷᠴᠠᠭᠰᠠᠨ ᠪᠠᠶᠢᠪᠠᠯ ᠡᠯ᠎ᠡ ᠪᠦᠷᠢᠯᠳᠦᠭᠦᠨ ᠢ ᠳᠠᠬᠢᠵᠦ ᠬᠦᠢᠴᠡᠳ ᠬᠤᠯᠢᠨ᠎ᠠ᠃ ᠬᠥᠯᠳᠡᠭᠰᠡᠨ ᠰᠢᠷᠬ᠎ᠠ ᠶᠢ ᠵᠠᠰᠠᠬᠤ ᠰᠠᠭᠠᠯᠢ ᠶᠢᠨ ᠦᠨᠢᠶ᠎ᠡ ᠬᠡᠷᠪᠡ ᠬᠦᠯᠳᠡᠵᠦ ᠬᠦᠰᠢᠭᠰᠡᠨ ᠪᠠᠶᠢᠪᠠᠯ ᠲᠡᠭᠦᠨ ᠢ ᠲᠦᠷᠭᠡᠨ ᠳᠤᠯᠠᠭᠠᠨ ᠦᠷᠦᠬᠡ ᠳᠤ ᠳᠠᠮᠨᠠᠵᠤ ᠤᠷᠤᠭᠤᠯᠤᠨ ᠪᠦᠯᠢᠶᠡᠨ ᠤᠰᠤ ᠪᠠᠷ ᠵᠦᠯᠭᠦᠵᠦ ᠤᠬᠢᠶᠠᠨ᠂ ᠢᠯᠢᠵᠦ᠂ ᠴᠢᠰᠦᠨ ᠤ ᠡᠷᠭᠢᠯᠲᠡ ᠶᠢ ᠠᠬᠢᠭᠤᠯᠤᠨ᠎ᠠ᠃ ᠬᠠᠮᠲᠤ ᠳᠤᠨᠢ ᠭᠠᠪᠤᠷ ᠤᠨ ᠤᠰᠤ ︵樟脑水︶ ᠪᠤᠶᠤ ᠺᠣᠷᠠᠮᠢᠨ ︵可拉明︶ ᠵᠡᠷᠭᠡ ᠵᠢᠷᠦᠬᠡ ᠶᠢ ᠰᠠᠶᠢᠵᠢᠷᠠᠭᠤᠯᠬᠤ ᠡᠮ ᠢ ᠲᠠᠷᠢᠵᠤ᠂ ᠭᠡᠮᠨᠡᠭᠰᠡᠨ ᠦᠨᠢᠶ᠎ᠡ ᠳᠤ ᠬᠠᠯᠠᠭᠤᠨ ᠴᠠᠢ ᠲᠠᠢ ᠤᠰᠤ ᠤᠤᠭᠤᠯᠭᠠᠨ᠎ᠠ᠂ ᠤᠤᠭᠤᠬᠤ ᠦᠭᠡᠢ ᠪᠣᠯ ᠬᠤᠳᠤᠭᠤᠳᠤᠨ ᠳᠤ ᠡᠮ ᠥᠭᠬᠦ ᠬᠤᠭᠤᠯᠠᠢ ᠪᠠᠷ ᠬᠠᠷ᠎ᠠ ᠠᠷᠢᠬᠢ ᠶᠢ ᠴᠢᠳᠬᠤᠵᠦ ᠤᠤᠭᠤᠯᠭᠠᠨ᠂ ᠭᠡᠮᠨᠡᠭᠰᠡᠨ ᠦᠨᠢᠶ᠎ᠡ ᠶᠢ ᠳᠤᠯᠠᠭᠠᠯᠠᠨ᠎ᠠ᠃ ᠬᠦᠨᠳᠦ ᠭᠡᠮᠨᠡᠭᠰᠡᠨ ᠦᠨᠢᠶ᠎ᠡ ᠳᠤ ᠪᠣᠯ ᠬᠠᠯᠠᠭᠤᠯᠤᠭᠰᠠᠨ ᠦᠵᠦᠮ ᠤᠨ ᠰᠢᠬᠢᠷ ᠤᠨ ᠰᠢᠩᠭᠡᠨ ᠢ ᠶᠡᠭᠦᠯᠡᠵᠦ ᠳᠤᠯᠠᠭᠠᠯᠠᠨ᠂ ᠠᠵᠤ ᠠᠬᠤᠢ ᠶᠢᠨ ᠥᠷᠳᠡᠭ ᠲᠠᠢ ᠡᠭᠦᠯᠳᠡᠷ ᠤᠨ ᠮᠠᠯ ᠢ ᠪᠣᠯ ᠴᠢᠰᠤ ᠶᠡᠭᠦᠯᠡᠵᠦ ᠠᠪᠤᠷᠠᠨ᠎ᠠ᠃ ᠨᠢᠭᠡᠨᠲᠡ ᠬᠥᠯᠳᠡᠵᠦ ᠰᠢᠷᠬᠠᠲᠤᠭᠰᠠᠨ ᠦᠨᠢᠶ᠎ᠡ ᠶᠢ ᠴᠠᠭ ᠲᠤᠬᠠᠢ ᠳᠤᠨᠢ ᠵᠠᠰᠠᠨ᠎ᠠ᠂ ᠶᠠᠮᠠᠷ ᠵᠦᠢᠯ ᠤᠨ ᠵᠠᠰᠠᠬᠤ ᠠᠷᠭ᠎ᠠ ᠶᠢ ᠬᠡᠷᠡᠭᠯᠡᠭᠰᠡᠨ ᠴᠦ ᠦᠨᠢᠶ᠎ᠡ ᠶᠢᠨ ᠬᠠᠰᠢᠶ᠎ᠠ ᠪᠠ ᠦᠨᠢᠶ᠎ᠡ ᠶᠢᠨ ᠬᠥᠯᠳᠡᠭᠰᠡᠨ ᠬᠡᠰᠡᠭ ᠢ ᠳᠤᠯᠠᠭᠠᠯᠠᠬᠤ ᠶᠢ ᠡᠷᠬᠡᠪᠰᠢ ᠠᠩᠬᠠᠷᠴᠤ᠂ ᠳᠠᠬᠢᠵᠦ ᠬᠥᠯᠳᠡᠬᠦ ᠠᠴᠠ ᠰᠡᠷᠭᠡᠶᠢᠯᠡᠨ᠎ᠡ᠃ ᠭᠦᠡᠭᠬᠡᠨ ᠬᠥᠯᠳᠡᠭᠰᠡᠨ ᠰᠢᠷᠬ᠎ᠠ ᠢᠯᠡᠷᠡᠯ ᠨᠢ ᠠᠷᠠᠰᠤ ᠨᠢ ᠬᠥᠯᠳᠡᠭᠰᠡᠨ ᠤ ᠳᠠᠷᠠᠭ᠎ᠠ ᠴᠢᠰᠤᠨ ᠰᠤᠳᠠᠯ ᠨᠢ ᠰᠦᠷᠡᠭᠡᠢ ᠠᠪᠴᠢᠵᠦ᠂ ᠨᠡᠭᠡᠳᠡᠰᠦᠨ ᠳᠤ ᠴᠢᠰᠤ ᠳᠤᠲᠠᠭᠳᠠᠵᠤ᠂ ᠠᠷᠠᠰᠤ ᠨᠢ ᠴᠠᠶᠢᠵᠦ ᠪᠠᠶᠢᠭᠰᠠᠨ ᠠᠴᠠ ᠪᠠᠨ ᠬᠥᠬᠡᠷᠡᠵᠦ ᠪᠣᠷᠣᠯᠠᠬᠤ ᠪᠤᠯᠤᠨ᠎ᠠ᠃ ᠳᠤᠯᠠᠭᠠᠯᠠᠭᠰᠠᠨ ᠤ ᠳᠠᠷᠠᠭ᠎ᠠ ᠴᠢᠰᠤᠨ ᠰᠤᠳᠠᠯ ᠨᠢ ᠲᠡᠯᠡᠵᠦ᠂ ᠠᠷᠠᠰᠤᠨ ᠳᠤ ᠴᠢᠰᠤ ᠬᠤᠷᠠᠭᠠᠳ᠂ ᠬᠥᠯᠳᠡᠭᠰᠡᠨ ᠬᠡᠰᠡᠭ ᠨᠢ ᠬᠠᠯᠠᠵᠦ ᠡᠪᠡᠳᠦᠨ᠂ ᠵᠠᠭᠠᠲᠤᠨᠠᠵᠤ᠂ ᠤᠯᠠᠶᠢᠵᠤ ᠬᠠᠪᠤᠳᠬᠤ ᠪᠤᠯᠤᠨ᠎ᠠ᠃ ᠬᠦᠨᠳᠦ ᠦᠶᠡᠰ ᠬᠥᠯᠳᠡᠭᠰᠡᠨ ᠬᠡᠰᠡᠭ ᠲᠤ ᠶᠡᠭᠡ ᠪᠠᠭ᠎ᠠ ᠨᠢ ᠠᠳᠠᠯᠢ ᠦᠭᠡᠢ ᠤᠰᠤᠨ ᠴᠦᠪᠦᠷᠢᠭᠦᠦ ᠭᠠᠷᠴᠤ᠂ ᠴᠦᠪᠦᠷᠢᠭᠦᠦ ᠨᠢ ᠲᠤᠩᠭᠠᠯᠠᠭ ᠪᠠᠶᠢᠵᠤ᠂ ᠰᠦᠷᠡᠬᠡᠢ ᠡᠪᠡᠳᠴᠦ᠂ 2~3 ᠭᠠᠷᠠᠭ ᠪᠣᠯᠣᠭᠰᠠᠨ ᠤ ᠳᠠᠷᠠᠭ᠎ᠠ ᠴᠦᠪᠦᠷᠢᠭᠦᠦ ᠨᠢ ᠬᠠᠲᠠᠵᠦ ᠲᠠᠪ ᠰᠠᠭᠤᠵᠦ᠂ ᠳᠠᠪ ᠨᠢ ᠤᠨᠠᠬᠤ ᠦᠶᠡᠰ ᠰᠢᠨ᠎ᠡ ᠠᠷᠠᠰᠤ ᠨᠢ ᠰᠢᠷᠬ᠎ᠠ ᠶᠢ ᠪᠦᠷᠬᠦᠭᠰᠡᠨ ᠪᠠᠶᠢᠳᠠᠭ᠃ ᠨᠡᠯᠢᠶᠡᠳ ᠭᠦᠡᠭᠬᠡᠨ ᠬᠥᠯᠳᠡᠭᠰᠡᠨ ᠰᠢᠷᠬ᠎ᠠ ᠶᠢ ᠠᠪᠤᠨ ᠳᠣᠣᠷ᠎ᠠ ᠨᠢ ᠭᠠᠯ ᠢᠶᠠᠷ ᠰᠢᠷᠠᠬᠤ ᠪᠤᠶᠤ ᠬᠠᠯᠠᠭᠤᠨ ᠤᠰᠤᠨ ᠳᠤ ᠳᠡᠪᠲᠦᠭᠡᠵᠦ ᠪᠣᠯᠬᠤ ᠦᠭᠡᠢ᠃ ᠬᠠᠷ᠎ᠠ ᠠᠷᠢᠬᠢ᠂ ᠯᠠᠵᠤᠤ ᠶᠢ ᠡᠳᠦᠷ ᠪᠦᠷᠢ ᠬᠡᠳᠦ ᠤᠳᠠᠭ᠎ᠠ ᠲᠦᠷᠬᠢᠨ᠎ᠡ᠃ ᠡᠰᠡᠭᠦᠯ᠎ᠠ ᠭᠠᠪᠤᠷ ᠤᠨ ᠰᠫᠢᠷᠲ ᠪᠤᠶᠤ ᠪᠤᠷ ᠬᠦᠴᠢᠯ ᠤᠨ ᠰᠫᠢᠷᠲ ᠢᠶᠠᠷ ᠠᠷᠠᠰᠤ ᠶᠢ ᠵᠦᠯᠬᠦᠬᠦ ᠪᠤᠶᠤ ᠬᠡᠳᠦ ᠬᠦᠷᠡᠩ ᠰᠠᠴᠤᠷᠠᠭ ᠢᠶᠠᠷ ᠰᠠᠴᠤᠷᠠᠭᠤᠯᠤᠨ᠎ᠠ᠃ ᠬᠡᠷᠪᠡ ᠮᠦᠴᠢ ᠨᠢ ᠬᠦᠯᠳᠡᠭᠰᠡᠨ ᠪᠠᠶᠢᠪᠠᠯ ᠯᠠᠵᠤᠤ᠂ ᠬᠠᠰᠢ ᠶᠢᠨ ᠡᠰᠢ᠂ ᠭᠠ ᠵᠡᠷᠭᠡ ᠳᠤ 10 ᠳᠠᠬᠢᠨ ᠤᠰᠤ ᠨᠡᠮᠡᠵᠦ ᠴᠢᠨᠠᠵᠦ ᠪᠦᠯᠢᠶᠡᠰᠬᠡᠭᠡᠳ 45℃ ᠪᠤᠯᠭᠠᠭᠠᠳ ᠤᠰᠤᠨ ᠰᠠᠭᠤᠯᠭ᠎ᠠ ᠳᠤ ᠬᠢᠵᠦ ᠤᠳᠠᠭ᠎ᠠ ᠪᠦᠷᠢ 10 ᠮᠢᠨᠦ᠋ᠲ ᠠᠴᠠ ᠳᠡᠭᠡᠭᠰᠢ ᠲᠡᠪᠲᠦᠭᠡᠵᠦ᠂ ᠡᠳᠦᠷ ᠪᠦᠷᠢ 2 ᠤᠳᠠᠭ᠎ᠠ ᠳᠡᠪᠲᠦᠭᠡᠨ᠎ᠡ᠃ ᠬᠡᠷᠪᠡ ᠬᠥᠯᠳᠡᠭᠰᠡᠨ ᠬᠡᠰᠡᠭ ᠴᠦᠪᠦᠷᠢᠭᠦᠲᠦᠭᠰᠡᠨ ᠪᠠᠶᠢᠪᠠᠯ ᠠᠷᠢᠭᠤᠳᠬᠠᠭᠰᠠᠨ ᠵᠡᠭᠦᠦ ᠪᠠᠷ ᠴᠦᠪᠦᠷᠢᠭᠦᠦ ᠶᠢ ᠨᠢ ᠰᠣᠷᠣᠵᠤ᠂ 30% ᠶᠢᠨ ᠪᠤᠷ ᠬᠦᠴᠢᠯ ᠢᠶᠠᠷ ᠬᠡᠰᠡᠭ ᠭᠠᠵᠠᠷ ᠤᠨ ᠨᠦᠢᠲᠠᠨ ᠵᠢᠩ ᠪᠠᠷᠢᠵᠤ᠂ ᠬᠠᠲᠠᠭᠰᠠᠨ ᠤ ᠳᠠᠷᠠᠭ᠎ᠠ ᠲᠠᠬᠢᠨ 10% ᠶᠢᠨ ᠬᠦᠬᠦᠷᠲᠦ ᠬᠦᠬᠦᠷᠦᠨ ᠢᠺᠲ᠋ᠢᠤᠯ ︵硫磺鱼石脂︶ ᠤᠨ ᠲᠣᠰᠣ ᠶᠢ ᠡᠳᠦᠷ ᠪᠦᠷᠢ 1 ᠤᠳᠠᠭ᠎ᠠ ᠲᠦᠷᠬᠢᠨ᠎ᠡ᠃ ᠰᠢᠷᠬᠠᠯᠠᠭ᠎ᠠ ᠲᠠᠢ ᠦᠶᠡᠰ ᠸᠠᠽᠧᠯᠢᠨ ᠪᠤᠶᠤ ᠭᠠᠭ᠋ᠠᠢ ᠶᠢᠨ ᠲᠣᠰᠣ ᠵᠡᠷᠭᠡ ᠶᠢ ᠲᠦᠷᠬᠢᠭᠰᠡᠨ ᠤ ᠳᠠᠷᠠᠭ᠎ᠠ ᠰᠡᠶᠢᠮᠡᠬᠡᠢ ᠪᠥᠰ ᠢᠶᠠᠷ ᠪᠣᠭᠤᠨ᠎ᠠ᠂ ᠬᠥᠯᠳᠡᠭᠰᠡᠨ ᠬᠡᠰᠡᠭ ᠨᠢ ᠬᠠᠪᠤᠳᠪᠠᠯ 1% ᠶᠢᠨ ᠢᠣᠳ᠋ ᠪᠤᠶᠤ ᠭᠠᠪᠤᠷ ᠤᠨ ᠵᠦᠭᠡᠯᠡᠨ ᠲᠤᠰᠤᠨᠴᠢᠷ᠂ ᠢᠣᠳ᠋ ᠭᠯᠢᠼᠧᠷᠢᠨ ᠵᠡᠷᠭᠡ ᠶᠢ ᠲᠦᠷᠬᠢᠵᠦ ᠪᠣᠯᠣᠨ᠎ᠠ᠃ ᠭᠦᠨᠳᠤ ᠬᠥᠯᠳᠡᠭᠰᠡᠨ ᠰᠢᠷᠬ᠎ᠠ ᠭᠡᠳᠡᠭ ᠨᠢ ᠪᠦᠬᠦ ᠳᠠᠪᠬᠤᠷᠭ᠎ᠠ ᠶᠢᠨ ᠠᠷᠠᠰᠤ ᠪᠣᠯᠣᠨ ᠠᠷᠠᠰᠤᠨ ᠳᠣᠣᠷᠠᠬᠢ ᠨᠡᠬᠡᠳᠡᠰᠦ ᠨᠢ ᠬᠦᠯᠳᠡᠵᠦ ᠦᠬᠦᠵᠢᠨ᠂ ᠬᠦᠯᠳᠡᠭᠡᠳ ᠶᠠᠰᠤᠨ ᠳᠤ ᠬᠦᠷᠴᠦ᠂ ᠦᠬᠦᠵᠢᠨ ᠢᠳᠡᠭᠡᠯᠡᠵᠦ᠂ ᠬᠠᠷᠠᠯᠠᠨ ᠬᠠᠲᠠᠵᠤ᠂ ᠬᠠᠮᠤᠭ ᠰᠡᠭᠦᠯ ᠳᠤᠨᠢ ᠦᠬᠦᠵᠢᠭᠰᠡᠨ ᠬᠡᠰᠡᠭ ᠪᠠ ᠡᠷᠡᠭᠦᠯ ᠨᠡᠬᠡᠳᠡᠰᠦ ᠶᠢᠨ ᠵᠠᠭᠠᠭ ᠨᠢ ᠰᠠᠯᠵᠦ᠂ ᠦᠬᠦᠵᠢᠭᠰᠡᠨ ᠬᠡᠰᠡᠭ ᠨᠢ ᠢᠯᠵᠠᠷᠠᠨ ᠤᠨᠠᠨ᠎ᠠ᠃ ᠬᠦᠯᠳᠡᠵᠦ ᠰᠢᠷᠬᠠᠲᠤᠪᠠᠯ ᠬᠥᠯᠳᠡᠭᠰᠡᠨ ᠬᠡᠰᠡᠭ ᠢ ᠳᠤᠯᠠᠭᠠᠯᠠᠵᠦ ᠰᠡᠷᠭᠦᠭᠡᠨ᠂ ᠬᠥᠯᠳᠡᠭᠰᠡᠨ ᠮᠥᠴᠢ ᠶᠢ ᠳᠦᠭᠦᠷᠡᠩ ᠤᠰᠤ ᠰᠠᠪᠠᠯᠠᠭᠰᠠᠨ ᠲᠡᠮᠦᠷ ᠰᠠᠭᠤᠯᠭᠠᠨ ᠳᠤ ᠳᠡᠪᠲᠦᠭᠡᠵᠦ᠂ 5~10 ᠮᠢᠨᠦ᠋ᠲ ᠳᠣᠲᠣᠷ᠎ᠠ ᠬᠠᠯᠠᠭᠤᠯᠤᠭᠠᠳ 38℃~40℃ ᠲᠤ ᠬᠦᠷᠭᠡᠬᠦ ᠪᠦᠭᠡᠳ ᠬᠥᠯᠳᠡᠭᠰᠡᠨ ᠬᠡᠰᠡᠭ ᠢ ᠳᠡᠭᠡᠭᠰᠢ ᠡᠷᠭᠦᠨ ᠣᠰᠣᠨ ᠬᠠᠪᠣᠩ ᠢ ᠪᠠᠭᠤᠷᠠᠭᠤᠯᠤᠨ᠎ᠠ᠃ ᠠᠯᠢ ᠬᠤᠷᠳᠤᠨ ᠠᠷᠭ᠎ᠠ ᠬᠡᠮᠵᠢᠶ᠎ᠡ ᠠᠪᠴᠤ ᠪᠠᠶᠢᠭᠠᠳ ᠨᠡᠬᠡᠳᠡᠰᠦ ᠶᠢᠨ ᠦᠬᠦᠵᠢᠬᠦ ᠶᠢ ᠪᠠᠭᠠᠰᠬᠠᠬᠤ ᠪᠠ ᠬᠠᠯᠳᠠᠪᠤᠷᠢᠯᠠᠬᠤ ᠠᠴᠠ ᠰᠡᠷᠭᠡᠶᠢᠯᠡᠨ᠎ᠡ᠂ ᠬᠥᠯᠳᠡᠭᠰᠡᠨ ᠰᠢᠷᠬ᠎ᠠ ᠶᠢᠨ ᠲᠠᠯᠠᠪᠠᠢ ᠨᠢ ᠭᠦᠨ ᠦᠶᠡᠰ᠂ ᠪᠠᠺᠲ᠋ᠧᠷᠢ ᠡᠰᠡᠷᠭᠦᠴᠡᠬᠦ ᠡᠳ᠋ ᠢ ᠬᠡᠷᠡᠭᠯᠡᠨ ᠬᠠᠯᠳᠠᠪᠤᠷᠢᠯᠠᠬᠤ ᠠᠴᠠ ᠰᠡᠷᠭᠡᠶᠢᠯᠡᠨ᠎ᠡ᠃ ᠬᠡᠷᠪᠡ ᠰᠢᠷᠬ᠎ᠠ ᠨᠢ ᠨᠢᠭᠡᠨᠲᠡ ᠬᠠᠯᠳᠠᠪᠤᠷᠢᠯᠠᠭᠰᠠᠨ ᠪᠠᠶᠢᠪᠠᠯ ᠦᠬᠦᠵᠢᠭᠰᠡᠨ ᠨᠡᠬᠡᠳᠡᠰᠦ ᠶᠢ ᠤᠭᠲᠤᠯᠤᠨ ᠠᠪᠴᠤ᠂ ᠠᠷᠢᠭᠤᠳᠬᠠᠵᠦ ᠰᠢᠷᠬ᠎ᠠ ᠶᠢ ᠰᠠᠶᠢᠲᠤᠷ ᠰᠢᠢᠳᠪᠦᠷᠢᠯᠡᠨ᠎ᠡ᠃ ᠬᠥᠯᠳᠡᠭᠰᠡᠨ ᠶᠠᠷ᠎ᠠ ᠠᠴᠠ ᠪᠣᠯᠵᠤ ᠴᠢᠰᠤᠨ ᠰᠤᠳᠠᠯ ᠦᠬᠦᠵᠢᠬᠦ ᠠᠴᠠ ᠰᠡᠷᠭᠡᠶᠢᠯᠡᠬᠦ ᠶᠢᠨ ᠲᠦᠯᠦᠭᠡ ᠬᠠᠯᠠᠭᠤᠨ ᠤᠰᠤᠨ ᠳᠤ ᠳᠡᠪᠲᠦᠭᠡᠬᠦ ᠪᠤᠶᠤ ᠭᠠᠯ ᠳᠡᠭᠡᠷ᠎ᠡ ᠰᠠᠭᠠᠯᠢ ᠶᠢᠨ ᠦᠨᠢᠶ᠎ᠡ ᠶᠢᠨ ᠲᠡᠯᠡᠩ᠂ ᠳᠡᠯᠡᠩ ᠤᠨ ᠲᠤᠪᠴᠢ᠂ ᠴᠢᠬᠢ᠂ ᠬᠠᠮᠠᠷ᠂ ᠪᠡᠯᠭᠡ ᠶᠢᠨ ᠬᠡᠰᠡᠭ ᠢ ᠡᠭᠡᠭᠡᠵᠦ ᠪᠣᠯᠬᠤ ᠦᠭᠡᠢ᠂ ᠪᠠᠶᠢᠩᠭᠤ ᠬᠡᠷᠡᠭᠯᠡᠬᠦ ᠰᠫᠢᠷᠲ ᠬᠦᠪᠦᠩ ᠢᠶᠠᠷ ᠬᠦᠩᠭᠡᠬᠡᠨ ᠠᠷᠴᠢᠵᠦ᠂ ᠠᠷᠴᠢᠭᠠᠳ ᠠᠷᠠᠰᠤ ᠨᠢ ᠤᠯᠠᠶᠢᠪᠠᠯ ᠳᠠᠷᠤᠢ ᠴᠢᠰᠤᠨ ᠭᠦᠶᠦᠳᠡᠯ ᠢ ᠰᠠᠶᠢᠵᠢᠷᠠᠭᠤᠯᠵᠦ ᠬᠤᠷᠠᠭᠰᠠᠨ ᠢ ᠬᠠᠶᠢᠯᠤᠭᠤᠯᠵᠦ ᠳᠡᠶᠢᠯᠦᠨ᠎ᠡ᠃ ᠬᠡᠷᠪᠡ ᠨᠢᠭᠡᠨᠲᠡ ᠢᠳᠡᠭᠡᠯᠡᠭᠰᠡᠨ ᠪᠠᠶᠢᠪᠠᠯ᠂ ᠦᠬᠦᠵᠢᠭᠰᠡᠨ ᠬᠡᠰᠡᠭ ᠢ ᠠᠪᠴᠤ ᠬᠠᠶᠠᠵᠦ ᠠᠷᠢᠭᠤᠳᠬᠠᠭᠰᠠᠨ ᠤ ᠳᠠᠷᠠᠭ᠎ᠠ ᠬᠥᠯᠳᠡᠭᠰᠡᠨ ᠶᠠᠷ᠎ᠠ ᠶᠢᠨ ᠲᠤᠰᠤᠨᠴᠢᠷ ︵冻疮膏︶ ᠲᠦᠷᠬᠢᠵᠦ ᠳᠤᠯᠠᠭᠠᠯᠠᠨ᠎ᠠ᠃ ᠡᠷᠡᠭᠦᠯᠵᠢᠭᠦᠯᠵᠦ ᠬᠢᠵᠢᠭ ᠠᠴᠠ ᠰᠡᠷᠭᠡᠶᠢᠯᠡᠬᠦ ᠡᠪᠦᠯ ᠤᠨ ᠡᠬᠢ ᠪᠠᠷ ᠳᠤᠯᠠᠭᠠᠨ ᠤ ᠬᠡᠮᠵᠢᠶ᠎ᠡ ᠶᠢᠨ ᠬᠡᠯᠪᠡᠯᠵᠡᠯᠲᠡ ᠶᠡᠭᠡ ᠲᠤᠯᠠ ᠰᠠᠭᠠᠯᠢ ᠶᠢᠨ ᠦᠨᠢᠶ᠎ᠡ ᠨᠢ ᠠᠮᠠᠷᠬᠠᠨ ᠬᠦᠢᠲᠡᠨ ᠳᠤ ᠭᠡᠮᠲᠦᠵᠦ᠂ ᠠᠮᠢᠰᠬᠤᠯ ᠤᠨ ᠵᠠᠮ ᠢᠶᠠᠷ ᠭᠤᠤᠯᠯᠠᠬᠤ ᠭᠡᠮ ᠳᠤ ᠨᠡᠷᠪᠡᠭᠳᠡᠨ᠎ᠡ᠃ ᠰᠠᠭᠠᠯᠢ ᠶᠢᠨ ᠦᠨᠢᠶ᠎ᠡ ᠭᠡᠮᠨᠡᠭᠰᠡᠨ ᠤ ᠳᠠᠷᠠᠭᠠᠬᠢ ᠭᠤᠣᠯ ᠢᠯᠡᠷᠡᠯ ᠨᠢ ᠨᠦᠢᠷᠮᠠᠭᠯᠠᠬᠤ᠂ ᠴᠤᠭ ᠰᠥᠯᠲᠡ ᠦᠭᠡᠢ ᠪᠣᠯᠬᠤ᠂ ᠨᠢᠯᠪᠤᠰᠤ ᠭᠤᠭᠤᠵᠢᠭᠤᠯᠬᠤ᠂ ᠪᠡᠶ᠎ᠡ ᠶᠢᠨ ᠳᠤᠯᠠᠭᠠᠨ ᠨᠢ ᠳᠡᠭᠡᠭᠰᠢᠯᠡᠬᠦ᠂ ᠬᠦᠨᠳᠦ ᠦᠶᠡᠰ ᠪᠡᠶ᠎ᠡ ᠶᠢᠨ ᠳᠤᠯᠠᠭᠠᠨ ᠨᠢ 40℃ ᠢ ᠳᠠᠪᠠᠵᠤ᠂ ᠢᠳᠡᠭᠡᠨ ᠤ ᠳᠤᠷᠠᠰᠢᠯ ᠮᠠᠭᠤᠲᠠᠬᠤ᠂ ᠬᠡᠪᠢᠯᠲᠠ ᠪᠠᠭᠠᠰᠬᠤ᠂ ᠴᠢᠨᠠᠭᠰᠢᠯᠠᠪᠠᠯ ᠪᠦᠷᠢᠮᠦᠰᠦᠨ ᠵᠤᠭᠰᠤᠬᠤ ᠪᠦᠭᠡᠳ ᠬᠠᠨᠢᠶᠠᠬᠤ᠂ ᠠᠮᠢᠰᠬᠤᠯ ᠳᠠᠪᠬᠤᠴᠠᠬᠤ ᠵᠡᠷᠭᠡ ᠰᠢᠨᠵᠢ ᠲᠡᠮᠳᠡᠭ ᠢᠯᠡᠷᠡᠨ᠎ᠡ᠃ ᠡᠨᠡ ᠦᠶᠡᠰ ᠭᠡᠮ ᠳᠤᠨᠢ ᠲᠣᠬᠢᠷᠠᠭᠤᠯᠤᠨ ᠵᠠᠰᠠᠨ᠎ᠠ᠂ ᠭᠤᠣᠯᠳᠠᠭᠤ ᠬᠠᠯᠠᠭᠤᠨ ᠢ ᠳᠠᠶᠢᠯᠵᠦ ᠡᠪᠡᠳᠬᠦ ᠶᠢ ᠳᠠᠷᠤᠬᠤ᠂ ᠪᠠᠺᠲ᠋ᠧᠷᠢ ᠡᠰᠡᠷᠭᠦᠴᠡᠵᠦ ᠦᠷᠪᠢᠰᠦᠯ ᠢ ᠳᠠᠷᠤᠨ᠎ᠠ᠃ ᠰᠠᠭᠠᠯᠢ ᠶᠢᠨ ᠦᠨᠢᠶ᠎ᠡ ᠳᠤ ᠬᠠᠯᠳᠠᠪᠤᠷᠢᠲᠦ ᠭᠡᠮ ᠤᠨ ᠦᠯᠦ ᠬᠠᠯᠳᠠᠭᠠᠯᠲᠠ ᠶᠢᠨ ᠲᠠᠷᠢᠯᠭ᠎ᠠ ᠬᠢᠵᠦ᠂ ᠢᠯᠠᠩᠭᠤᠶ᠎ᠠ ᠰᠦᠷᠢᠶ᠎ᠡ᠂ ᠪᠤᠭᠤᠮ᠎ᠠ᠂ ᠪᠷᠦ᠋ᠽᠧᠯ ᠤᠨ ᠰᠢᠪᠬᠠᠨᠴᠢᠷ ᠪᠠᠺᠲ᠋ᠧᠷᠢ ᠵᠡᠷᠭᠡ ᠲᠣᠮᠣ ᠭᠡᠮ ᠬᠢᠵᠢᠭ ᠤᠨ ᠦᠯᠦ ᠬᠠᠯᠳᠠᠭᠠᠯᠲᠠ ᠬᠢᠬᠦ ᠶᠢ ᠤᠨᠴᠠᠭᠠᠢ ᠠᠩᠬᠠᠷᠤᠨ᠎ᠠ᠃ ᠵᠣᠨ ᠨᠠᠮᠤᠷ ᠬᠤᠶᠠᠷ ᠤᠯᠠᠷᠢᠯ ᠤᠨ ᠪᠡᠯᠴᠢᠭᠡᠷᠯᠡᠭᠦᠯᠬᠦ ᠶᠢ ᠳᠠᠮᠵᠢᠪᠠᠯ᠂ ᠰᠠᠭᠠᠯᠢ ᠶᠢᠨ ᠦᠨᠢᠶ᠎ᠡ ᠶᠢᠨ ᠪᠡᠶ᠎ᠡ ᠨᠢ ᠮᠥᠯᠵᠢᠭᠦᠷ ᠬᠤᠷᠣᠬᠠᠢ ᠳᠤ ᠬᠠᠯᠳᠠᠪᠤᠷᠢᠯᠠᠭᠳᠠᠭᠰᠠᠨ ᠪᠠᠶᠢᠬᠤ ᠮᠠᠭᠠᠳ ᠦᠭᠡᠢ᠃ ᠡᠪᠦᠯ ᠤᠨ ᠤᠯᠠᠷᠢᠯ ᠳᠤ ᠴᠠᠭ ᠢ ᠠᠮᠵᠢᠨ ᠬᠠᠷᠢᠭᠤᠯᠤᠭᠰᠠᠨ ᠦᠨᠢᠶ᠎ᠡ ᠶᠢᠨ ᠬᠤᠷᠣᠬᠠᠢ ᠶᠢ ᠲᠠᠭᠤᠨ᠎ᠠ᠃ ᠳ᠋ᠢ ᠪᠠᠢ ᠴᠦᠩ ᠨᠢ ᠦᠷᠭᠡᠨ ᠦᠢᠯᠡᠳᠦᠯᠲᠦ ᠬᠤᠷᠣᠬᠠᠢ ᠲᠠᠭᠤᠬᠤ ᠡᠮ ᠪᠠᠶᠢᠵᠤ᠂ ᠡᠯ᠎ᠡ ᠵᠦᠢᠯ ᠤᠨ ᠰᠢᠩᠭᠡᠭᠡᠯᠲᠡ ᠶᠢᠨ ᠵᠠᠮ ᠤᠨ ᠤᠲᠠᠰᠤᠯᠢᠭ ᠬᠤᠷᠣᠬᠠᠢ ᠵᠢᠴᠢ ᠠᠭᠤᠰᠬᠢᠨ ᠰᠢᠷᠬᠡᠭᠯᠢᠭ ᠬᠤᠷᠤᠬᠠᠢ᠂ ᠭᠤᠤᠷ ᠤᠨ ᠢᠯᠠᠭ᠎ᠠ ᠶᠢᠨ ᠠᠪᠠᠭᠠᠯᠳᠠᠢ᠂ ᠲᠠᠷᠭᠤᠨ ᠰᠤᠷᠤᠭᠤᠯᠲᠤ ᠬᠤᠷᠤᠬᠠᠢ ᠵᠡᠷᠭᠡ ᠶᠢ ᠪᠦᠷ ᠤᠰᠠᠳᠬᠠᠬᠤ ᠦᠢᠯᠡᠳᠦᠯ ᠲᠠᠢ᠂ ᠳ᠋ᠢ ᠪᠠᠢ ᠴᠦᠩ ᠤᠨ ᠦᠨᠦᠷ ᠨᠢ ᠶᠡᠭᠡ ᠪᠣᠯᠬᠤᠷ ᠪᠣᠷᠳᠤᠭ᠎ᠠ ᠲᠠᠢ ᠬᠤᠯᠢᠵᠦ ᠲᠡᠵᠢᠭᠡᠬᠦ ᠳᠤ ᠬᠦᠴᠢᠷ ᠲᠠᠢ᠂ ᠬᠠᠮᠤᠭ ᠰᠠᠶᠢᠨ ᠨᠢ ᠨᠤᠨᠳᠠᠭᠯᠠᠵᠤ ᠤᠰᠤᠨ ᠳᠤ ᠵᠢᠭᠤᠷᠠᠵᠦ ᠴᠢᠳᠬᠤᠵᠤ ᠤᠤᠭᠤᠯᠭᠠᠨ᠎ᠠ᠂ ᠺᠢᠯᠣᠭ᠍ᠷᠠᠮ ᠪᠦᠷᠢ ᠪᠡᠶ᠎ᠡ ᠶᠢᠨ ᠬᠦᠨᠳᠦ ᠳᠤ 20~40 ᠮᠢᠯᠢᠭᠷᠡᠮ ᠬᠡᠷᠡᠭᠯᠡᠵᠦ ᠪᠣᠯᠣᠨ᠎ᠠ᠃ |
|
ᠢᠷᠡᠯᠲᠡ᠄
ᠥᠪᠥᠷ ᠮᠣᠩᠭᠤᠯ ᠤᠨ ᠵᠠᠰᠠᠭ ᠤᠨ ᠣᠷᠳᠣᠨ
|